ᠰᠢᠨ᠎ᠡ ᠨᠢᠰᠬᠦ ᠪᠠᠭᠤᠳᠠᠯ ᠳᠤ APP ᠨᠡᠪᠲᠡᠷᠡᠭᠦᠯᠦᠨ᠎ᠡ | News.MN

ᠰᠢᠨ᠎ᠡ ᠨᠢᠰᠬᠦ ᠪᠠᠭᠤᠳᠠᠯ ᠳᠤ APP ᠨᠡᠪᠲᠡᠷᠡᠭᠦᠯᠦᠨ᠎ᠡ

ᠵᠠᠰᠠᠭ ᠤᠨ ᠭᠠᠵᠠᠷ ᠤᠨ10.10 ‍ᠣ ᠬᠤᠷᠠᠯᠳᠤᠭᠠᠨ ᠠᠴᠠ ᠭᠠᠷᠭᠠᠭᠰᠠᠨ ᠰᠢᠢᠳᠪᠦᠷᠢ ᠪᠠᠷ ᠵᠣᠷᠴᠢᠭᠴᠢ ᠶᠢᠨ ᠤᠷᠢᠳᠴᠢᠯᠠᠭᠰᠠᠨ ᠮᠡᠳᠡᠭᠡᠯᠡᠯ ᠦᠨ ᠳᠡᠪᠰᠢᠯᠲᠡᠲᠦ ᠰᠢᠰᠲ᠋ᠧᠮ ︵APP︶᠍ ᠢ ᠣᠯᠠᠨ ᠤᠯᠤᠰ ᠤᠨ ᠰᠢᠨ᠎ᠡ ᠨᠢᠰᠬᠦ ᠪᠠᠭᠤᠳᠠᠯ ᠳᠤ ᠨᠡᠪᠲᠡᠷᠡᠭᠦᠯᠬᠦ ᠪᠡᠷ ᠪᠣᠯᠪᠠ᠃ ᠡᠨᠡ ᠨᠢ ᠬᠢᠯᠢ ᠶᠢᠨ ᠬᠢᠨᠠᠯᠲᠠ ᠰᠢᠯᠭᠠᠯᠲᠠ ᠶᠢ ᠪᠣᠯᠪᠠᠰᠤᠷᠠᠩᠭᠤᠢ ᠪᠣᠯᠭᠠᠬᠤ᠂ ᠲᠥᠷᠥ ᠶᠢᠨ ᠪᠠᠶᠢᠭᠤᠯᠤᠯᠭ᠎ᠠ ᠨᠤᠭᠤᠳ ᠮᠡᠳᠡᠭᠡᠯᠡᠯ ᠢᠶᠡᠨ ᠰᠢᠭᠤᠷᠬᠠᠢ ᠰᠤᠯᠢᠯᠴᠠᠬᠤ᠂ ᠲᠧᠷᠷᠣᠷᠢᠰᠮ ᠲᠡᠢ ᠲᠡᠮᠡᠴᠡᠬᠦ ᠦᠨᠳᠦᠰᠦᠨ ᠦ ᠴᠢᠳᠠᠪᠬᠢ ᠶᠢ ᠪᠡᠬᠢᠵᠢᠭᠦᠯᠬᠦ ᠵᠣᠷᠢᠯᠭ᠎ᠠ ᠲᠠᠢ ᠶᠤᠮ᠃
ᠤᠷᠢᠳᠴᠢᠯᠠᠭᠰᠠᠨ ᠰᠢᠰᠲ᠋ᠧᠮ ᠨᠢ ᠲᠤᠬᠠᠢ ᠶᠢᠨ ᠵᠣᠷᠴᠢᠭᠴᠢ ᠪᠢᠯᠸᠲ ᠬᠤᠳᠠᠯᠳᠤᠨ ᠠᠪᠤᠭᠰᠠᠨ᠂ ᠪᠦᠷᠢᠳᠬᠡᠯ ᠬᠢᠯᠭᠡᠭᠰᠡᠨ ᠳᠠᠷᠤᠢ ᠳᠤ ᠮᠡᠳᠡᠭᠡᠯᠡᠯ ᠢ ᠨᠢ ᠢᠨᠲ᠋ᠧᠷᠫᠣᠯ ᠢᠶᠠᠷ ᠡᠷᠢᠨ ᠰᠤᠷᠪᠤᠯᠵᠢᠯᠠᠭᠳᠠᠵᠤ ᠪᠠᠶᠢᠭ᠎ᠠ ᠡᠲᠡᠭᠡᠳ ᠦᠨ ᠵᠢᠭᠰᠠᠭᠠᠯᠲᠠ᠂ ᠨᠢᠰᠴᠦ ᠪᠣᠯᠬᠤ ᠦᠭᠡᠢ ᠠᠩᠬᠠᠷᠬᠤ ᠵᠣᠷᠴᠢᠭᠴᠢᠳ ᠤᠨ ᠮᠡᠳᠡᠭᠡᠯᠡᠯ ᠦᠨ ᠪᠣᠯᠤᠨ ᠸᠢᠽ᠂ ᠪᠤᠰᠤᠳ ᠮᠡᠳᠡᠭᠡᠯᠡᠯ ᠦᠨ ᠰᠠᠩ ᠠᠴᠠ ᠬᠠᠶᠢᠵᠤ ᠂ ᠳ᠋ᠦᠩ ᠨᠢ ᠲᠤᠬᠠᠢ ᠶᠢᠨ ᠤᠯᠤᠰ ᠤᠨ ᠬᠠᠤᠯᠢ ᠬᠢᠨᠠᠯᠲᠠ ᠶᠢᠨ ᠪᠠᠶᠢᠭᠤᠯᠤᠯᠭ᠎ᠠ ᠳᠤ ᠭᠤᠷᠪᠠᠨ ᠰᠸᠺᠦᠨᠲ ᠍ ᠤᠨ ᠳᠣᠲᠣᠷ᠎ᠠ ᠢᠯᠡᠭᠡᠳᠡᠭ ᠪᠠᠶᠢᠨ᠎ᠠ᠃ ᠡᠨᠡ ᠰᠢᠰᠲ᠋ᠧᠮ ᠢ ᠳᠡᠯᠡᠬᠡᠢ ᠶᠢᠨ 70 ᠭᠠᠷᠤᠢ ᠣᠷᠣᠨ ᠨᠡᠪᠲᠡᠷᠡᠭᠦᠯᠵᠡᠢ᠃

ᠰᠡᠳᠬᠢᠭᠳᠡᠯ ᠦᠯᠡᠳᠡᠭᠡᠬᠦ