ᠡᠩᠬᠡ ᠶᠢ ᠰᠠᠬᠢᠭᠤᠯᠤᠭᠴᠢᠳ ᠠᠹᠭᠠᠨᠢᠰᠲ᠋ᠠᠨ ᠤᠯᠤᠰ ᠢ ᠵᠣᠷᠢᠨ᠎ᠠ | News.MN

ᠡᠩᠬᠡ ᠶᠢ ᠰᠠᠬᠢᠭᠤᠯᠤᠭᠴᠢᠳ ᠠᠹᠭᠠᠨᠢᠰᠲ᠋ᠠᠨ ᠤᠯᠤᠰ ᠢ ᠵᠣᠷᠢᠨ᠎ᠠ

ᠠᠹᠭᠠᠨᠢᠰᠲ᠋ᠠᠨ ᠤᠯᠤᠰ ᠲᠤ ᠶᠠᠪᠤᠭᠳᠠᠵᠤ ᠪᠤᠢ ︽ᠰᠢᠢᠳᠪᠦᠷᠢᠲᠡᠢ ᠳᠡᠮᠵᠢᠯᠭᠡ》ᠠᠵᠢᠯᠯᠠᠭᠠᠨ ᠳᠤ ᠡᠭᠦᠷᠭᠡ ᠭᠦᠢᠴᠡᠳᠭᠡᠬᠦ ᠳᠡᠳ᠋ ᠬᠤᠷᠠᠩᠳᠠ ᠰ∙ᠪᠠᠲᠤ-ᠡᠷᠳᠡᠨᠢ ᠵᠠᠬᠢᠷᠤᠭᠴᠢ ᠲᠠᠢ ᠴᠡᠷᠢᠭ ᠦᠨ ᠪᠠᠭ ᠵᠠᠩᠵᠤᠨ ᠲᠤᠭ  ᠲᠤ ᠬᠦᠨᠳᠦᠳᠬᠡᠯ ᠦᠵᠡᠭᠦᠯᠦᠯ᠎ᠡ᠃  ᠡᠨᠡᠬᠦ ᠶᠣᠰᠣᠯᠠᠯ ᠤᠨ ᠠᠵᠢᠯᠯᠠᠭᠠᠨ ᠳᠤ ᠪᠠᠲᠤᠯᠠᠨ ᠬᠠᠮᠠᠭᠠᠯᠠᠬᠤ ᠶᠢᠨ ᠳᠡᠳ᠋ ᠰᠠᠶᠢᠳ ᠲ∙ᠳᠤᠯᠮᠠᠳᠣᠷᠵᠢ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠣᠷᠣᠯᠠᠭᠴᠢ ᠳᠠᠷᠤᠭ᠎ᠠ᠂ ᠬᠣᠰᠢᠭᠤᠴᠢ ᠭᠧᠨᠧᠷᠠᠯ ᠵ∙ᠪᠠᠳᠠᠮᠪᠠᠽᠠᠷ ᠂ ᠡᠭᠦᠷᠭᠡ ᠭᠦᠢᠴᠡᠳᠭᠡᠬᠦ ᠴᠡᠷᠢᠭ ᠦᠨ ᠠᠯᠪᠠ ᠬᠠᠭᠠᠭᠴᠢᠳ᠂ ᠲᠡᠳᠡᠨ ᠦ ᠠᠷᠤ ᠭᠡᠷ ᠦᠨ ᠲᠥᠯᠥᠭᠡᠯᠡᠯ ᠣᠷᠣᠯᠴᠠᠭᠰᠠᠨ ᠪᠠᠶᠢᠨ᠎ᠠ᠃
ᠳᠡᠳ᠋ ᠰᠠᠶᠢᠳ ᠲ∙ᠳᠤᠯᠮᠠᠳᠣᠷᠵᠢ ᠬᠡᠯᠡᠬᠦ ᠳᠦ ᠪᠡᠨ᠄ ᠡᠬᠡ ᠳᠡᠯᠡᠬᠡᠢ ᠶᠢᠨ ᠡᠩᠬᠡ ᠲᠠᠶᠢᠪᠤᠩ᠂ ᠲᠤᠰᠠᠭᠠᠷ ᠲᠣᠭᠲᠠᠨᠢᠯ ᠤᠨ ᠲᠥᠯᠥᠭᠡ᠂ ᠲᠥᠷᠥ ᠵᠠᠰᠠᠭ ᠤᠨ ᠢᠶᠠᠨ ᠢᠲᠡᠭᠡᠯ ᠨᠠᠶᠢᠳᠠᠪᠤᠷᠢ ᠶᠢ ᠲᠡᠭᠡᠭᠡᠨ ᠠᠯᠤᠰ ᠬᠣᠯᠠ ᠡᠭᠦᠷᠭᠡ ᠭᠦᠢᠴᠡᠳᠭᠡᠬᠦ ᠴᠡᠷᠢᠭ ᠦᠨ ᠠᠯᠪᠠ ᠬᠠᠭᠠᠭᠴᠢᠳ ᠲᠠ ᠪᠦᠬᠦᠨ ᠳᠦ ᠪᠡᠨ ᠬᠠᠮᠤᠭ ᠤᠨ ᠰᠠᠶᠢᠨ ᠰᠠᠶᠢᠬᠠᠨ ᠪᠦᠬᠦᠨ ᠢ ᠬᠦᠰᠡᠨ ᠢᠷᠦᠭᠡᠶ᠎ᠡ᠃ ᠮᠠᠨ ᠤ ᠳᠠᠶᠢᠴᠢᠳ ᠡᠩᠬᠡ ᠶᠢ ᠰᠠᠬᠢᠭᠤᠯᠬᠤ ᠡᠭᠦᠷᠭᠡ ᠪᠡᠨ ᠨᠡᠷ᠎ᠡ ᠲᠥᠷᠥ ᠲᠡᠢ ᠭᠦᠢᠴᠡᠳᠭᠡᠵᠦ᠂ ᠡᠬᠡ ᠣᠷᠣᠨ᠂ ᠵᠡᠪᠰᠡᠭᠲᠦ ᠬᠦᠴᠦᠨ ᠦ ᠪᠡᠨ ᠨᠡᠷ᠎ᠡ ᠬᠦᠨᠳᠦ ᠶᠢ ᠳᠡᠯᠡᠬᠡᠢ ᠳ᠋ᠠᠬᠢᠨ ᠳᠤ ᠴᠤᠤᠷᠢᠶᠠᠲᠤᠭᠤᠯᠤᠨ᠎ᠠ ᠭᠡᠳᠡᠭ ᠲᠦ ᠢᠲᠡᠭᠡᠯ ᠲᠡᠢ ᠪᠠᠶᠢᠨ᠎ᠠ ᠭᠡᠵᠡᠢ᠃

ᠰᠡᠳᠬᠢᠭᠳᠡᠯ ᠦᠯᠡᠳᠡᠭᠡᠬᠦ