ᠣᠷᠣᠰ ᠤᠨ ᠪᠠᠲᠤᠯᠠᠨ ᠬᠠᠮᠠᠭᠠᠯᠠᠬᠤ ᠶᠢᠨ ᠰᠠᠶᠢᠳ ᠰᠧᠷᠠᠭᠢ ᠱᠣᠶᠢᠭᠤ ᠵᠢᠷᠤᠭ ᠵᠢᠷᠤᠬᠤ ᠬᠣᠪᠪᠢ ᠲᠠᠢ ᠪᠠᠨ ᠬᠡᠯᠡᠵᠡᠢ᠃ ᠡᠨᠡ ᠲᠠᠯ᠎ᠠ ᠪᠠᠷ ᠲᠡᠷᠡᠪᠡᠷ ︽ᠨᠧᠶᠢᠰᠸᠧᠰᠲ᠋ᠨᠠᠶᠠ ᠰᠢᠪᠢᠷᠢ︾ ᠰᠣᠨᠢᠨ ᠳᠤ ᠥᠭᠭᠦᠭᠰᠡᠨ ᠶᠠᠷᠢᠯᠴᠠᠯᠭ᠎ᠠ ᠳᠤ ᠪᠠᠨ᠄ ᠪᠢ ᠴᠢᠯᠦᠭᠡᠲᠦ ᠴᠠᠭ ᠭᠠᠷᠪᠠᠯ ᠯᠠ ᠵᠢᠷᠤᠭ ᠵᠢᠷᠤᠳᠠᠭ᠃ ᠡᠨᠡ ᠨᠢ ᠵᠠᠰᠠᠭ ᠤᠨ ᠭᠠᠵᠠᠷ ᠤᠨ ᠬᠤᠷᠠᠯᠳᠤᠭᠠᠨ ᠤ ᠡᠮᠦᠨ᠎ᠡ ᠲᠣᠬᠢᠶᠠᠯᠳᠣᠬᠤ ᠨᠢ ᠪᠤᠢ᠃ ᠵᠢᠷᠤᠭᠰᠠᠨ ᠵᠢᠷᠤᠭ ᠤᠳ ᠢᠶᠠᠨ ᠨᠠᠶᠢᠵᠠ ᠨᠠᠷ ᠲᠤ ᠪᠠᠨ ᠪᠡᠯᠡᠭ ᠪᠣᠯᠭᠠᠨ ᠥᠭᠳᠡᠭ》 ᠬᠡᠮᠡᠨ ᠶᠠᠷᠢᠵᠠᠢ᠃
ᠣᠷᠣᠰ ᠤᠨ ᠪᠠᠲᠤᠯᠠᠨ ᠬᠠᠮᠠᠭᠠᠯᠠᠬᠤ ᠶᠢᠨ ᠰᠠᠶᠢᠳ ᠲᠡᠷᠡ ᠪᠡᠷ ᠥᠪᠡᠷ ᠦᠨ ᠢᠶᠡᠨ ᠵᠢᠷᠤᠭᠰᠠᠨ ᠵᠢᠷᠤᠭ ᠤᠳ ᠢ ᠤᠷᠠᠯᠢᠭ ᠤᠨ ᠪᠦᠲᠦᠭᠡᠯ ᠭᠡᠵᠦ ᠦᠵᠡᠳᠡᠭ ᠦᠭᠡᠢ ᠪᠠᠶᠢᠨ᠎ᠠ᠃ ᠮᠥᠨ ᠲᠡᠷᠡ ᠪᠡᠷ 《ᠪᠢ ᠪᠦᠷ ᠠᠯᠤᠰ ᠨᠤᠲᠤᠭ ᠲᠤ᠂ ᠮᠣᠩᠭᠣᠯ ᠤᠯᠤᠰ ᠤᠨ ᠬᠢᠯᠢ ᠳᠡᠭᠡᠷ᠎ᠡ ᠣᠴᠢᠵᠤ᠂ ᠠᠩ ᠠᠩᠨᠠᠵᠤ᠂ ᠵᠢᠭᠠᠰᠤᠴᠢᠯᠠᠬᠤ ᠶᠢ ᠬᠦᠰᠡᠵᠦ ᠪᠠᠶᠢᠨ᠎ᠠ 》 ᠭᠡᠵᠦ ᠬᠡᠯᠡᠭᠰᠡᠨ ᠪᠠᠶᠢᠨ᠎ᠠ᠃