ᠣᠯᠠᠨ ᠤᠯᠤᠰ ᠤᠨ ᠭᠡᠷᠡᠯ ᠵᠢᠷᠤᠭᠴᠢᠳ ᠤᠨ ᠳᠤᠮᠳᠠ ᠵᠢᠯ ᠪᠦᠷᠢ ᠵᠣᠬᠢᠶᠠᠨ ᠪᠠᠶᠢᠭᠤᠯᠤᠭᠳᠠᠳᠠᠭ All About Photo ᠤᠷᠤᠯᠳᠤᠭᠠᠨ ᠤ 2018 ᠣᠨ ᠤ ᠱᠠᠩᠨᠠᠯᠲᠠᠨ ᠨᠤᠭᠤᠳ ᠢ ᠥᠴᠥᠭᠡᠳᠦᠷ ᠵᠠᠷᠯᠠᠵᠠᠢ᠃ ᠤᠷᠤᠯᠳᠤᠭᠠᠨ ᠤ ᠲᠡᠷᠢᠭᠦᠨ ᠪᠠᠶᠢᠷᠢᠨ ᠳᠤ ᠶᠡᠬᠡ ᠪᠷᠢᠲ᠋ᠠᠨ ᠦ ᠭᠡᠷᠡᠯ ᠵᠢᠷᠤᠭᠴᠢᠨ ᠲᠠᠷᠢᠺ ᠽᠠᠶᠢᠳᠢ ᠶᠢᠨ ᠮᠣᠩᠭᠣᠯ ᠣᠷᠣᠨ ᠤ ᠪᠠᠷᠠᠭᠤᠨ ᠬᠢᠵᠠᠭᠠᠷ ᠲᠤ ᠠᠪᠤᠭᠰᠠᠨ ᠪᠦᠲᠦᠭᠡᠯ ᠰᠢᠯᠭᠠᠷᠠᠵᠤ ᠂ 5000 ᠳ᠋ᠤᠯᠯᠠᠷ ᠤᠨ ᠮᠥᠩᠭᠥᠨ ᠱᠠᠩᠨᠠᠯ ᠬᠦᠷᠲᠡᠬᠦ ᠪᠡᠷ ᠪᠣᠯᠤᠭᠰᠠᠨ ᠪᠠᠶᠢᠨ᠎ᠠ᠃
All Secure ᠭᠡᠵᠦ ᠨᠡᠷᠡᠯᠡᠭᠰᠡᠨ ᠤᠭ ᠪᠦᠲᠦᠭᠡᠯ ᠳᠦ ᠬᠠᠰᠠᠭ ᠥᠨᠳᠥᠷ ᠨᠠᠰᠤᠲᠠᠨ ᠠᠩᠴᠢ ᠪᠦᠷᠭᠦᠳ᠂ ᠠᠴᠢ ᠪᠡᠨ ᠮᠣᠷᠢᠨ ᠤ ᠨᠢᠷᠤᠭᠤᠨ ᠳᠡᠭᠡᠷ᠎ᠡ ᠪᠠᠶᠢᠭ᠎ᠠ ᠪᠠᠷ ᠳᠦᠷᠰᠦᠯᠡᠭᠳᠡᠵᠡᠢ᠃