ᠪᠠᠷᠠᠭᠤᠨ ᠪᠥᠰᠡ ᠶᠢᠨ ᠦᠰᠦᠴᠢᠨ ᠭᠣᠸ᠎ᠠ ᠰᠠᠶᠢᠬᠠᠨᠴᠢᠳ ᠤᠨ ᠲᠡᠮᠡᠴᠡᠭᠡᠨ ᠢ ᠬᠣᠶᠠᠷ ᠵᠢᠯ ᠳᠦ ᠨᠢᠭᠡ ᠤᠳᠠᠭ᠎ᠠ ᠵᠣᠬᠢᠶᠠᠨ ᠪᠠᠶᠢᠭᠤᠯᠳᠠᠭ ᠪᠥᠭᠡᠳ ᠡᠨᠡ ᠵᠢᠯ ᠬᠣᠪᠳᠣ ᠠᠶᠢᠮᠠᠭ ᠲᠤ 《ᠦᠰᠦᠴᠢᠨ᠂ᠭᠣᠸ᠎ᠠ ᠵᠠᠰᠠᠯ᠂ ᠬᠢᠮᠤᠰᠤ ᠤᠷᠠᠯᠠᠯ-2018 》ᠨᠡᠷ᠎ᠡ ᠶᠢᠨ ᠳᠣᠣᠷ᠎ᠠ ᠵᠣᠬᠢᠶᠠᠨ ᠪᠠᠶᠢᠭᠤᠯᠤᠯ᠎ᠠ᠃ ᠲᠡᠮᠡᠴᠡᠭᠡᠨ ᠳᠦ ᠬᠣᠪᠳᠣ᠂ ᠭᠣᠪᠢ-ᠠᠯᠲᠠᠢ᠂ ᠤᠪᠰᠤ᠂ ᠵᠠᠪᠬᠠᠨ᠂ ᠪᠠᠶᠠᠨ-ᠥᠯᠥᠭᠡᠢ ᠠᠶᠢᠮᠠᠭ ᠤᠨ 150 ᠭᠠᠷᠤᠢ ᠦᠰᠦᠴᠢᠨ ᠭᠣᠸ᠎ᠠ ᠰᠠᠶᠢᠬᠠᠨᠴᠢ ᠣᠷᠣᠯᠴᠠᠵᠤ ᠦᠰᠦᠴᠢᠨ ᠦ ᠲᠠᠪᠤ᠂ ᠭᠣᠸ᠎ᠠ ᠰᠠᠶᠢᠬᠠᠨ ᠤ ᠬᠣᠶᠠᠷ᠂ ᠨᠡᠶᠢᠲᠡ ᠳᠣᠯᠣᠭᠠᠨ ᠲᠥᠷᠥᠯ ᠢᠶᠡᠷ ᠠᠪᠢᠶᠠᠰ᠂ ᠤᠷ᠎ᠠ ᠴᠢᠳᠠᠪᠤᠷᠢ ᠪᠠᠨ ᠰᠣᠷᠢᠨ ᠥᠷᠢᠰᠦᠯᠳᠦᠪᠡ᠃ ᠬᠢᠮᠤᠰᠤᠨ ᠤ ᠤᠷᠠᠨ ᠵᠢᠷᠤᠭᠯᠠᠯ ᠤᠨ ᠲᠥᠷᠥᠯ ᠳᠦ ᠬᠣᠪᠳᠣ ᠠᠶᠢᠮᠠᠭ ᠤᠨ ᠣᠷᠣᠯᠴᠠᠭᠴᠢ ᠣ᠊∙ᠫᠦᠷᠪᠦᠵᠠᠪ᠂ ᠲᠠᠶᠢᠰᠠᠨ ᠤ ᠨᠢᠭᠤᠷ ᠪᠤᠳᠤᠯᠲᠠ ᠶᠢᠨ ᠲᠥᠷᠥᠯ ᠳᠦ ᠬᠣᠪᠳᠣ ᠠᠶᠢᠮᠠᠭ ᠤᠨ ᠣᠷᠣᠯᠴᠠᠭᠴᠢ ᠡ᠊∙ᠡᠩᠬᠡᠵᠢᠨ ᠨᠠᠷ ᠲᠡᠷᠢᠭᠦᠯᠡᠯ᠎ᠡ᠃
ᠡᠷᠡᠭᠲᠡᠢ ᠵᠢᠷᠤᠭᠯᠠᠯᠲᠠᠢ ᠵᠠᠰᠠᠯᠲᠠ ᠶᠢᠨ ᠲᠥᠷᠥᠯ ᠳᠦ ᠬᠣᠪᠳᠣ ᠠᠶᠢᠮᠠᠭ ᠤᠨ ᠣᠷᠣᠯᠴᠠᠭᠴᠢ ᠼ∙ ᠳᠡᠯᠭᠡᠷᠰᠠᠶᠢᠬᠠᠨ᠂ ᠡᠮᠡᠭᠲᠡᠢ ᠰᠠᠯᠤᠨ ᠤ ᠲᠠᠭᠠᠷᠢᠯᠲᠠ ᠶᠢᠨ ᠲᠥᠷᠥᠯ ᠳᠦ ᠭᠣᠪᠢ-ᠠᠯᠲᠠᠢ ᠠᠶᠢᠮᠠᠭ ᠤᠨ ᠣᠷᠣᠯᠴᠠᠭᠴᠢ ᠭ∙ᠣᠶᠤᠨ ᠂ ᠡᠷᠡᠭᠲᠡᠢ ᠰᠣᠩᠭᠣᠮᠠᠯ ᠵᠠᠰᠠᠯᠲᠠ ᠶᠢᠨ ᠲᠥᠷᠥᠯ ᠳᠦ ᠭᠣᠪᠢ-ᠠᠯᠲᠠᠢ ᠠᠶᠢᠮᠠᠭ ᠤᠨ ᠣᠷᠣᠯᠴᠠᠭᠴᠢ ᠮ∙ᠪᠠᠶᠠᠯᠢᠭᠮᠠ ᠨᠠᠷ ᠪᠤᠰᠤᠳ ᠢ ᠪᠠᠨ ᠮᠠᠩᠯᠠᠶᠢᠯᠠᠪᠠ᠃ ᠡᠮᠡᠭᠲᠡᠢ ᠦᠳᠡᠰᠢ ᠶᠢᠨ ᠭᠣᠶᠣᠯ ᠤᠨ ᠲᠥᠷᠥᠯ ᠳᠦ ᠬᠣᠪᠳᠣ ᠠᠶᠢᠮᠠᠭ ᠤᠨ ᠣᠷᠣᠯᠴᠠᠭᠴᠢ ᠲ∙ᠮᠥᠩᠬᠡᠴᠡᠴᠡᠭ᠂ ᠡᠮᠡᠭᠲᠡᠢ ᠦᠰᠦ ᠬᠡᠯᠪᠡᠷᠢᠵᠢᠭᠦᠯᠬᠦ ᠲᠥᠷᠥᠯ ᠳᠦ ᠭᠣᠪᠢ-ᠠᠯᠲᠠᠢ ᠠᠶᠢᠮᠠᠭ ᠤᠨ ᠣᠷᠣᠯᠴᠠᠭᠴᠢ ᠮ∙ᠪᠠᠶᠠᠯᠢᠭᠮᠠ ᠨᠠᠷ ᠰᠢᠯᠭᠠᠷᠠᠵᠠᠢ᠃ ᠬᠠᠷᠢᠨ ᠡᠮᠡᠭᠲᠡᠢ ᠰᠢᠯᠢᠳᠡᠭ ᠮᠣᠳᠧᠯ ᠢᠶᠠᠷ ᠬᠣᠪᠳᠣ ᠠᠶᠢᠮᠠᠭ ᠤᠨ ᠣᠷᠣᠯᠴᠠᠭᠴᠢ ᠲ∙ᠤᠯᠠᠮᠪᠠᠶᠠᠷ᠂ ᠡᠷᠡᠭᠲᠡᠢ ᠰᠢᠯᠢᠳᠡᠭ ᠮᠣᠳᠧᠯ ᠢᠶᠠᠷ ᠪᠠᠶᠠᠨ-ᠥᠯᠥᠭᠡᠢ ᠠᠶᠢᠮᠠᠭ ᠤᠨ ᠣᠷᠣᠯᠴᠠᠭᠴᠢ ᠬ∙ᠮᠤᠬᠤᠮᠧᠲ ᠨᠠᠷ ᠰᠢᠯᠭᠠᠷᠠᠪᠠ᠃ ᠰᠢᠯᠢᠳᠡᠭ ᠦᠰᠦᠴᠢᠨ ᠢᠶᠡᠷ ᠬᠣᠪᠳᠣ ᠠᠶᠢᠮᠠᠭ ᠤᠨ ᠣᠷᠣᠯᠴᠠᠭᠴᠢ ᠲ∙ᠮᠥᠩᠬᠡᠴᠡᠴᠡᠭ ᠰᠢᠯᠭᠠᠷᠠᠵᠤ ᠂ ᠪᠠᠭ ᠤᠨ ᠨᠡᠶᠢᠯᠡᠪᠦᠷᠢ ᠳ᠋ᠦᠩ ᠂ ᠨᠡᠶᠢᠲᠡ ᠮᠧᠳᠠᠯ ᠤᠨ ᠲᠣᠭ᠎ᠠ ᠪᠠᠷ ᠬᠣᠪᠳᠣ ᠠᠶᠢᠮᠠᠭ ᠲᠡᠷᠢᠭᠦᠨ ᠪᠠᠶᠢᠷᠢ᠂ ᠭᠣᠪᠢ-ᠠᠯᠲᠠᠢ ᠠᠶᠢᠮᠠᠭ ᠬᠣᠶᠠᠳᠤᠭᠠᠷ ᠪᠠᠶᠢᠷᠢ᠂ ᠵᠠᠪᠬᠠᠨ ᠠᠶᠢᠮᠠᠭ ᠪᠠᠶᠢᠷᠢ ᠳᠤ ᠰᠢᠯᠭᠠᠷᠠᠪᠠ᠃
ᠠ᠊∙ᠪᠢᠮᠪᠠᠰᠦ᠋ᠷᠦᠩ