ᠳ∙ᠲᠡᠮᠦᠷᠬᠦ᠋ᠯᠦᠭ᠂ ᠨ∙ᠳᠠᠭᠸᠠᠰᠦ᠋ᠷᠦᠩ᠂ ᠪ∙ᠲᠡᠮᠡᠦᠯᠦᠨ ᠮᠣᠩᠭᠣᠯ ᠤᠨ ᠢᠶᠠᠨ ᠨᠡᠷ᠎ᠡ ᠳᠡᠭᠡᠷ᠎ᠡ ᠪᠠᠷᠢᠯᠳᠤᠨ᠎ᠠ | News.MN

ᠳ∙ᠲᠡᠮᠦᠷᠬᠦ᠋ᠯᠦᠭ᠂ ᠨ∙ᠳᠠᠭᠸᠠᠰᠦ᠋ᠷᠦᠩ᠂ ᠪ∙ᠲᠡᠮᠡᠦᠯᠦᠨ ᠮᠣᠩᠭᠣᠯ ᠤᠨ ᠢᠶᠠᠨ ᠨᠡᠷ᠎ᠡ ᠳᠡᠭᠡᠷ᠎ᠡ ᠪᠠᠷᠢᠯᠳᠤᠨ᠎ᠠ

ᠳ∙ᠲᠡᠮᠦᠷᠬᠦ᠋ᠯᠦᠭ᠂ ᠨ∙ᠳᠠᠭᠸᠠᠰᠦ᠋ᠷᠦᠩ᠂ ᠪ∙ᠲᠡᠮᠡᠦᠯᠦᠨ ᠥᠩᠭᠡᠷᠡᠭᠰᠡᠨ ᠬᠣᠶᠠᠳᠤᠭᠠᠷ ᠰᠠᠷ᠎ᠠ ᠳᠤ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠨᠡᠷ᠎ᠡ ᠳᠡᠭᠡᠷ᠎ᠡ ᠡᠴᠡ ᠲᠠᠲ᠋ᠠᠮᠢ ᠳᠤ ᠭᠠᠷᠬᠤ ᠪᠠᠷ ᠪᠣᠯᠤᠭᠰᠠᠨ ᠶᠤᠮ᠃ ᠬᠣᠶᠠᠷ ᠤᠯᠤᠰ ᠤᠨ ᠵᠢᠦ᠋ᠳᠣ᠋ ᠪᠥᠬᠡ ᠶᠢᠨ ᠬᠣᠯᠪᠣᠭᠠᠳ ᠤᠨ ᠭᠡᠷ᠎ᠡ ᠬᠡᠯᠡᠯᠴᠡᠭᠡᠷ ᠳᠠᠭᠤᠰᠪᠠᠯ ᠲᠠᠪᠤᠳᠤᠭᠠᠷ ᠰᠠᠷ᠎ᠠ ᠠᠴᠠ ᠲᠡᠳᠡ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠨᠡᠷ᠎ᠡ ᠶᠢᠨ ᠡᠮᠦᠨ᠎ᠡ ᠡᠴᠡ ᠪᠠᠷᠢᠯᠳᠤᠵᠤ ᠡᠬᠢᠯᠡᠨ᠎ᠡ ᠬᠡᠮᠡᠨ ᠮᠡᠳᠡᠭᠳᠡᠵᠦ ᠪᠠᠶᠢᠭᠰᠠᠨ ᠴᠤ ᠲᠠᠪᠤᠳᠤᠭᠠᠷ ᠰᠠᠷ᠎ᠠ ᠠᠴᠠ ᠬᠣᠶᠢᠰᠢ ᠣᠯᠠᠨ ᠤᠳᠠᠭ᠎ᠠ ᠶᠢᠨ ᠭᠷᠡᠨᠫᠡᠷᠢ ᠲᠡᠮᠡᠴᠡᠭᠡᠨ ᠨᠦᠭᠦᠳ ᠪᠣᠯᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠤᠭᠰᠠᠨ ᠴᠦ ᠮᠠᠨ ᠤ ᠭᠤᠷᠪᠠᠨ ᠲᠠᠮᠢᠷᠴᠢᠨ  ᠤᠷᠤᠯᠴᠠᠭ᠎ᠠ ᠦᠭᠡᠢ᠃ ᠡᠭᠦᠨ ᠦ ᠤᠴᠢᠷ ᠨᠢ ᠭᠡᠷ᠎ᠡ ᠬᠡ

ᠯᠡᠯᠴᠡᠭᠡᠷ ᠴᠤᠴᠠᠯᠠᠭᠳᠠᠵᠤ᠂ ᠲᠡᠳᠡ ᠡᠷᠭᠢᠨ ᠡᠬᠡ ᠣᠷᠣᠨ ᠤ ᠪᠠᠨ ᠨᠡᠷ᠎ᠡ ᠳᠡᠭᠡᠷ᠎ᠡ ᠪᠠᠷᠢᠯᠳᠤᠬᠤ ᠪᠠᠷ ᠪᠣᠯᠵᠠᠢ᠃
ᠳ∙ᠲᠡᠮᠦᠷᠬᠦ᠋ᠯᠦᠭ ᠪᠣᠯ -66 ᠺᠢᠯᠤᠭ᠍ᠷᠡᠮ ᠤᠨ ᠵᠢᠩ ᠦᠨ ᠳᠡᠯᠡᠬᠡᠢ ᠶᠢᠨ ᠭᠣᠣᠯ ᠥᠷᠢᠰᠦᠯᠳᠦᠭᠴᠢ᠃ -81  ᠺᠢᠯᠦᠭᠷᠡᠮ ᠦᠨ ᠵᠢᠩ ᠳᠦ ᠪᠠᠷᠢᠯᠳᠤᠳᠠᠭ ᠨ∙ᠳᠠᠭᠸᠠᠰᠦ᠋ᠷᠦᠩ ᠳᠡᠯᠡᠬᠡᠢ ᠶᠢᠨ ᠴᠢᠨᠰᠠᠭ᠎ᠠ ᠪᠠᠷ ᠵᠢᠩ ᠳᠦ ᠪᠡᠨ 16 ᠍ ᠳᠦ ᠡᠷᠡᠮᠪᠡᠯᠡᠭᠳᠡᠵᠦ ᠪᠠᠶᠢᠨ᠎ᠠ᠃
ᠪ∙ᠲᠡᠮᠡᠦᠯᠦᠨ +100 ᠺᠢᠯᠦᠭᠷᠡᠮ ᠳᠦ ᠪᠠᠷᠢᠯᠳᠤᠳᠠᠭ ᠳᠡᠯᠡᠬᠡᠢ ᠶᠢᠨ ᠴᠢᠨᠰᠠᠭ᠎ᠠ ᠪᠠᠷ ᠵᠢᠩ ᠳᠦ ᠪᠡᠨ 46 ᠍ ᠳᠦ ᠡᠷᠡᠮᠪᠡᠯᠡᠭᠳᠡᠵᠦ ᠪᠠᠶᠢᠨ᠎ᠠ᠃ ᠮᠠᠨ ᠤ ᠭᠤᠷᠪᠠᠨ ᠲᠠᠮᠢᠷᠴᠢᠨ ᠡᠨᠡ ᠰᠠᠷ᠎ᠠ ᠶᠢᠨ 26-28 ᠍ ᠳᠦ ᠪᠣᠯᠬᠤ ᠠᠪᠤᠳᠠᠪᠢ  ᠭᠷᠡᠨᠳ᠋ ᠰᠯᠠᠮ ᠳᠤ ᠵᠢᠩ ᠵᠢᠩ ᠳᠦ ᠪᠡᠨ ᠬᠦᠴᠦ ᠦᠵᠡᠬᠦ ᠪᠡᠷ ᠪᠣᠯᠤᠭᠰᠠᠨ ᠪᠥᠭᠡᠳ ᠣᠳᠣ ᠪᠡᠯᠡᠳᠬᠡᠯ ᠢᠶᠡᠨ ᠬᠢᠵᠦ ᠪᠠᠶᠢᠨ᠎ᠠ᠃

 

ᠰᠡᠳᠬᠢᠭᠳᠡᠯ ᠦᠯᠡᠳᠡᠭᠡᠬᠦ

1 ᠰᠡᠳᠬᠢᠭᠳᠡᠯ