ᠭ∙ᠤᠭᠠᠯᠵᠠᠴᠡᠴᠡᠭ ᠭᠤᠷᠪᠠᠳᠠᠬᠢ ᠤᠳᠠᠭ᠎ᠠ ᠪᠠᠨ ᠠᠽᠢᠶ᠎ᠠ ᠲᠢᠪ ᠦᠨ ᠠᠪᠤᠷᠭᠤ ᠪᠣᠯᠪᠠ | News.MN

ᠭ∙ᠤᠭᠠᠯᠵᠠᠴᠡᠴᠡᠭ ᠭᠤᠷᠪᠠᠳᠠᠬᠢ ᠤᠳᠠᠭ᠎ᠠ ᠪᠠᠨ ᠠᠽᠢᠶ᠎ᠠ ᠲᠢᠪ ᠦᠨ ᠠᠪᠤᠷᠭᠤ ᠪᠣᠯᠪᠠ

ᠬᠥᠪᠰᠥᠭᠥᠯ ᠠᠶᠢᠮᠠᠭ ᠤᠨ ᠠᠯᠠᠭ-ᠡᠷᠳᠡᠨᠢ ᠰᠤᠮᠤ ᠶᠢᠨ ᠤᠤᠭᠠᠯ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠭ∙ᠤᠭᠠᠯᠵᠠᠴᠡᠴᠡᠭ ᠡᠨᠡᠳᠬᠡᠭ ᠤᠯᠤᠰ ᠤᠨ ᠫᠤᠨᠢ ᠬᠤᠲᠠ ᠳᠤ  ᠪᠣᠯᠵᠤ ᠪᠤᠢ  ᠪᠤᠳᠢᠪᠢᠯᠳᠢᠩ ᠹᠢᠲᠨᠧᠰ ᠤᠨ 52 ᠳᠠᠬᠢ ᠤᠳᠠᠭ᠎ᠠ ᠶᠢᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ Women’s Athletic Physique -165 cm ᠠᠩᠭᠢᠯᠠᠯ ᠳᠤ ᠥᠷᠢᠰᠦᠯᠳᠦᠵᠦ ᠬᠣᠣᠰ ᠠᠯᠲᠠᠨ ᠮᠧᠳᠠᠯ ᠬᠦᠷᠲᠡᠵᠦ ᠠᠽᠢᠶ᠎ᠠ ᠲᠢᠪ ᠦᠨ ᠠᠪᠤᠷᠭᠤ ᠪᠠᠷ  ᠭᠤᠷᠪᠠᠳᠠᠬᠢ  ᠤᠳᠠᠭ᠎ᠠ ᠪᠠᠨ ᠰᠢᠯᠭᠠᠷᠠᠯ᠎ᠠ᠃
ᠲᠡᠮᠡᠴᠡᠭᠡᠨ ᠳᠦ 20 ᠤᠯᠤᠰ ᠤᠨ 300 ᠣᠷᠴᠢᠮ ᠲᠠᠮᠢᠷᠴᠢᠨ ᠣᠷᠣᠯᠴᠠᠭᠰᠠᠨ ᠠᠴᠠ ᠮᠣᠩᠭᠣᠯ ᠤᠨ ᠪᠠᠭ ᠬᠣᠶᠠᠷ ᠠᠯᠲᠠ ᠳᠥᠷᠪᠡᠨ ᠴᠤᠮᠤ ᠲᠠᠢ ᠪᠠᠨ ᠡᠬᠡ ᠣᠷᠣᠨ ᠳᠤ ᠪᠠᠨ ᠢᠷᠡᠨ᠎ᠡ᠃ ᠳᠡᠯᠡᠬᠡᠢ ᠶᠢᠨ ᠬᠣᠱᠣᠢ ᠠᠪᠤᠷᠭᠤ ᠭ∙ᠤᠭᠠᠯᠵᠠᠴᠡᠴᠡᠭ ᠡᠨᠡ ᠵᠢᠯ 39 ᠨᠠᠰᠤᠲᠠᠢ ᠂ ᠪᠤᠳᠢᠪᠢᠯᠳᠢᠩ  ᠢᠶᠠᠷ ᠰᠡᠭᠦᠯ ᠦᠨ ᠳᠣᠯᠣᠭᠠᠨ ᠵᠢᠯ ᠲᠠᠰᠤᠷᠠᠯᠲᠠ ᠦᠭᠡᠢ ᠬᠢᠴᠢᠶᠡᠯᠯᠡᠵᠦ ᠪᠠᠶᠢᠭ᠎ᠠ ᠶᠤᠮ᠃
ᠲᠡᠷᠡ ᠪᠡᠷ 2015 ᠣᠨ ᠳᠤ ᠪᠤᠳᠢᠪᠢᠯᠳᠢᠩ  ᠦᠨ ᠲᠥᠷᠥᠯ ᠢᠶᠡᠷ ᠮᠣᠩᠭᠣᠯ ᠠᠴᠠ ᠳᠡᠯᠡᠬᠡᠢ ᠶᠢᠨ ᠠᠪᠤᠷᠭᠤ ᠪᠣᠯᠤᠭᠰᠠᠨ ᠠᠩᠬᠠᠨ ᠤ ᠡᠮᠡᠭᠲᠡᠢ ᠲᠠᠮᠢᠷᠴᠢᠨ ᠪᠣᠯᠵᠤ ᠪᠠᠶᠢᠭᠰᠠᠨ ᠪᠣᠯ 2016 ᠣᠨ ᠳᠤ ᠠᠮᠵᠢᠯᠲᠠ ᠪᠠᠨ ᠪᠠᠲᠤᠳᠬᠠᠵᠤ᠂ ᠳᠡᠯᠡᠬᠡᠢ ᠶᠢᠨ ᠬᠣᠱᠣᠢ ᠠᠪᠤᠷᠭᠤ ᠴᠣᠯᠠ ᠶᠢ ᠡᠬᠡ ᠣᠷᠣᠨ ᠳᠤ ᠪᠠᠨ ᠠᠪᠴᠢᠷᠠᠭᠰᠠᠨ ᠠᠩᠬᠠᠨ ᠤ ᠲᠠᠮᠢᠷᠴᠢᠨ ᠪᠣᠯᠵᠤ ᠪᠠᠶᠢᠵᠠᠢ ᠃
ᠪ∙ᠭᠠᠩᠲᠤᠶᠠᠭ᠎ᠠ

ᠰᠡᠳᠬᠢᠭᠳᠡᠯ ᠦᠯᠡᠳᠡᠭᠡᠬᠦ