《 ᠲᠦᠩᠰᠢᠯᠡᠯ-2018 》 ᠦᠵᠡᠰᠬᠦᠯᠡᠩ ᠬᠤᠳᠠᠯᠳᠤᠭ᠎ᠠ ᠪᠣᠯᠤᠨ ︽ ᠪᠠᠶᠠᠷ》ᠠᠷᠭ᠎ᠠ ᠬᠡᠮᠵᠢᠶ᠎ᠡ ᠡᠨᠡ ᠰᠠᠷ᠎ᠠ ᠶᠢᠨ 12-14 ᠍ ᠳᠦ ᠭᠢᠸᠠᠩ ᠪᠠᠭᠠᠲᠤᠷ ᠤᠨ ᠲᠠᠯᠠᠪᠠᠢ ᠳᠤ ᠪᠣᠯᠤᠨ᠎ᠠ᠃ ᠦᠵᠡᠰᠬᠦᠯᠡᠩ ᠬᠤᠳᠠᠯᠳᠤᠭᠠᠨ ᠳᠤ ᠰᠦᠨ ᠪᠦᠲᠦᠭᠡᠭᠳᠡᠬᠦᠨ᠂ ᠮᠢᠬ᠎ᠠ᠂ ᠮᠢᠬᠠᠨ ᠪᠦᠲᠦᠭᠡᠭᠳᠡᠬᠦᠨ᠂ ᠭᠤᠯᠢᠷ᠂ ᠭᠤᠯᠢᠷ ᠤᠨ ᠪᠦᠲᠦᠭᠡᠭᠳᠡᠬᠦᠨ᠂ ᠲᠥᠮᠥᠰᠥ᠂ ᠬᠦᠨᠡᠰᠦᠨ ᠦ ᠨᠣᠭᠣᠭ᠎ᠠ᠂ ᠦᠷ᠎ᠡ ᠲᠠᠷᠢᠶ᠎ᠠ᠂ ᠬᠠᠳᠤᠯᠠᠩ ᠲᠡᠵᠢᠭᠡᠯ᠂ ᠵᠢᠮᠢᠰ ᠵᠢᠮᠢᠰᠬᠡᠨ᠎ᠡ᠂ ᠦᠷ᠎ᠡ ᠰᠠᠭᠤᠯᠭᠠᠴᠠ᠂ ᠪᠠᠷᠢᠯᠭ᠎ᠠ ᠶᠢᠨ ᠮᠠᠲ᠋ᠧᠷᠢᠶᠠᠯ᠂ ᠮᠣᠳᠣᠨ ᠪᠦᠲᠦᠭᠡᠭᠳᠡᠬᠦᠨ᠂ ᠬᠤᠪᠴᠠᠰᠤ᠂ ᠭᠤᠲᠤᠯ᠂ ᠵᠥᠭᠡᠯᠡᠨ ᠡᠳ᠋ᠯᠡᠯ᠂ ᠪᠡᠯᠡᠭ ᠳᠤᠷᠠᠰᠬᠠᠯ ᠵᠡᠷᠭᠡ ᠪᠦᠲᠦᠭᠡᠭᠳᠡᠬᠦᠨ ᠳᠡᠯᠭᠡᠭᠳᠡᠨ᠎ᠡ ᠃ ᠪᠦᠲᠦᠭᠡᠭᠳᠡᠬᠦᠨ ᠨᠢ ᠥᠩᠭᠡ ᠦᠵᠡᠮᠵᠢ ᠲᠡᠢ᠂ ᠰᠠᠪᠠ ᠪᠠᠭᠯᠠᠭ᠎ᠠ ᠪᠣᠭᠣᠳᠠᠯ ᠲᠠᠢ᠂ ᠲᠣᠳᠣᠷᠬᠠᠢ ᠨᠡᠷ᠎ᠡ ᠬᠠᠶ᠋ᠢᠭ ᠲᠠᠢ᠂ ᠴᠢᠨᠠᠷ ᠤᠨ ᠪᠣᠯᠤᠨ ᠡᠷᠡᠭᠦᠯ ᠠᠬᠤᠢ ᠶᠢᠨ ᠱᠠᠭᠠᠷᠳᠠᠯᠭ᠎ᠠ ᠬᠠᠩᠭᠠᠭᠰᠠᠨ ᠪᠠᠶᠢᠬᠤ ᠶᠣᠰᠣᠲᠠᠢ ᠠᠵᠠᠢ᠃
ᠦᠵᠡᠰᠬᠦᠯᠡᠩ ᠦᠨ ᠦᠶ᠎ᠡ ᠪᠡᠷ ᠢᠷᠭᠡᠳ ᠲᠦ ᠤᠷᠭᠤᠮᠠᠯ ᠬᠠᠮᠠᠭᠠᠯᠠᠯ᠂ ᠴᠢᠴᠠᠷᠭᠠᠨ᠎ᠠ ᠶᠢᠨ ᠰᠤᠷᠲ ᠤᠨ ᠲᠠᠯ᠎ᠠ ᠪᠠᠷ ᠮᠡᠳᠡᠭᠡᠯᠡᠯ ᠥᠭᠬᠦ ᠡᠴᠡ ᠭᠠᠳᠠᠨ᠎ᠠ ᠰᠡᠳᠬᠢᠯ ᠳᠦ ᠨᠡᠶᠢᠴᠡᠭᠰᠡᠨ ᠪᠣᠷᠣᠯᠠᠭᠤᠯᠤᠯᠲᠠ ᠰᠠᠶᠢᠲᠠᠢ ᠪᠦᠲᠦᠭᠡᠭᠳᠡᠬᠦᠨ᠂ ᠢᠮᠫᠣᠷᠲ ᠤᠷᠤᠯᠠᠬᠤ ᠪᠦᠲᠦᠭᠡᠭᠳᠡᠬᠦᠨ᠂ ᠬᠠᠮᠤᠭ ᠤᠨ ᠢᠳᠡᠪᠬᠢᠲᠡᠢ ᠣᠷᠣᠯᠴᠠᠭᠰᠠᠨ ᠰᠤᠮᠤ᠂ ᠴᠢᠴᠠᠷᠭᠠᠨ᠎ᠠ ᠶᠢᠨ ᠰᠢᠯᠢᠳᠡᠭ ᠪᠦᠲᠦᠭᠡᠭᠳᠡᠬᠦᠨ ᠢ ᠰᠢᠯᠭᠠᠷᠠᠭᠤᠯᠵᠤ ᠱᠠᠩᠨᠠᠵᠤ ᠤᠷᠮᠠᠰᠢᠭᠤᠯᠤᠨ᠎ᠠ᠃
ᠪ∙ᠪᠠᠲᠤᠬᠦᠦ