ᠤᠷᠭᠤᠴᠠ ᠶᠢᠨ ᠳᠡᠭᠡᠵᠢ ᠪᠡᠨ ᠨᠡᠶᠢᠰᠯᠡᠯᠴᠦᠳ  ᠲᠤ ᠬᠦᠷᠭᠡᠪᠡ | News.MN

ᠤᠷᠭᠤᠴᠠ ᠶᠢᠨ ᠳᠡᠭᠡᠵᠢ ᠪᠡᠨ ᠨᠡᠶᠢᠰᠯᠡᠯᠴᠦᠳ  ᠲᠤ ᠬᠦᠷᠭᠡᠪᠡ

ᠤᠯᠤᠰ ᠤᠨ ᠶᠡᠬᠡ ᠬᠤᠷᠠᠯ ᠶᠢᠨ ᠭᠡᠰᠢᠭᠦᠨ ᠵ∙ᠡᠷᠳᠡᠨᠢᠪᠠᠲᠤ ᠶᠢᠨ ᠰᠠᠨᠠᠭᠠᠴᠢᠯᠠᠭ᠎ᠠ᠂ ᠳᠡᠮᠵᠢᠯᠭᠡ ᠪᠡᠷ ᠰᠡᠯᠡᠩᠭᠡ ᠠᠶᠢᠮᠠᠭ ᠤᠨ ᠮᠠᠨᠳᠤᠯ᠂ ᠪᠠᠶᠠᠩᠭᠤᠤᠯ ᠂ ᠢᠷᠦᠭᠡ ᠰᠤᠮᠤ ᠶᠢᠨ ᠨᠣᠭᠣᠭᠠᠴᠢᠳ ᠤᠨ ︽ᠨᠠᠮᠤᠷ ᠤᠨ ᠨᠣᠭᠣᠭᠠᠨ ᠡᠳᠦᠷ ᠦᠳ-2018 ︾ ᠦᠵᠡᠰᠬᠦᠯᠡᠩ ᠬᠤᠳᠠᠯᠳᠤᠭ᠎ᠠ ᠲᠤᠰᠠᠭᠠᠷ ᠲᠣᠭᠲᠠᠨᠢᠯ ᠤᠨ ᠲᠠᠯᠠᠪᠠᠢ ᠳᠤ 09 .15 ᠍- 10 .05  ᠢ ᠬᠦᠷᠲᠡᠯ᠎ᠡ ᠪᠣᠯᠤᠯ᠎ᠠ᠃
ᠦᠵᠡᠰᠬᠦᠯᠡᠩ ᠬᠤᠳᠠᠯᠳᠤᠭᠠᠨ ᠳᠤ 50 ᠭᠠᠷᠤᠢ ᠨᠣᠭᠣᠭᠠᠴᠢᠳ ᠣᠷᠣᠯᠴᠠᠵᠤ᠂ 20 ᠬᠣᠨᠣᠭ ᠤᠨ ᠲᠤᠷᠰᠢ ᠨᠡᠶᠢᠰᠯᠡᠯᠴᠦᠳ ᠲᠦ ᠪᠡᠨ ᠡᠷᠡᠭᠦᠯ ᠮᠣᠩᠭᠣᠯ ᠨᠣᠭᠣᠭ᠎ᠠ ᠶᠢ ᠲᠣᠭᠲᠠᠮᠠᠯ ᠨᠡᠶᠢᠯᠡᠭᠦᠯᠦᠭᠰᠡᠨ ᠶᠤᠮ᠃ ᠨᠣᠭᠣᠭᠠᠴᠢᠳ ᠡᠨᠡ ᠬᠤᠭᠤᠴᠠᠭᠠᠨ ᠳᠤ 25 ᠨᠡᠷ᠎ᠡ ᠲᠥᠷᠥᠯ ᠦᠨ ᠬᠦᠨᠡᠰᠦᠨ ᠦ ᠨᠣᠭᠣᠭ᠎ᠠ᠂ 15 ᠲᠥᠷᠥᠯ ᠦᠨ ᠪᠡᠯᠡᠳᠬᠡᠵᠦ ᠪᠣᠯᠪᠠᠰᠤᠷᠠᠭᠤᠯᠤᠭᠰᠠᠨ ᠪᠦᠲᠦᠭᠡᠭᠳᠡᠬᠦᠨ ᠨᠡᠶᠢᠲᠡ 81.254 ᠲᠣᠨ ᠲᠥᠮᠥᠰᠥ᠂ 36.768 ᠲᠣᠨ ᠯᠤᠤᠪᠠᠩ᠂ 58.434 ᠲᠣᠨ  ᠪᠠᠶᠢᠴᠠᠢ ᠂ 20.918 ᠲᠣᠨ ᠮᠠᠨᠵᠢᠨ᠂ 22.764 ᠲᠣᠨ ᠰᠣᠩᠭᠢᠨ᠎ᠠ ᠂ 605  ᠰᠢᠯ ᠵᠥᠭᠡᠢ ᠶᠢᠨ ᠪᠠᠯ ᠲᠤᠰ ᠲᠤᠰ ᠪᠣᠷᠣᠯᠠᠭᠤᠯᠵᠤ ᠣᠶᠢᠷᠠᠯᠴᠠᠭ᠎ᠠ ᠪᠠᠷ 187 ᠭᠠᠷᠤᠢ ᠰᠠᠶ᠎ᠠ ᠲᠥᠭᠥᠷᠢᠭ ᠦᠨ ᠪᠣᠷᠣᠯᠠᠭᠤᠯᠤᠯᠲᠠ ᠬᠢᠭᠰᠡᠨ  ᠪᠠᠶᠢᠨ᠎ᠠ ᠃

ᠴ∙ᠣᠳᠬᠣᠨᠴᠡᠴᠡᠭ

ᠰᠡᠳᠬᠢᠭᠳᠡᠯ ᠦᠯᠡᠳᠡᠭᠡᠬᠦ