ᠴ∙ᠬᠤᠯᠠᠨ᠄ ᠮᠢᠨᠦ ᠠᠪᠤ ᠶᠢᠨ ᠨᠡᠷ᠎ᠡ ᠶᠢ ᠪᠠᠷᠢᠵᠤ ᠦᠨᠳᠦᠰᠦᠯᠡᠯ ᠦᠭᠡᠢ ᠮᠡᠳᠡᠭᠡᠯᠡᠯ ᠲᠠᠷᠬᠠᠭᠠᠭᠰᠠᠨ | News.MN

ᠴ∙ᠬᠤᠯᠠᠨ᠄ ᠮᠢᠨᠦ ᠠᠪᠤ ᠶᠢᠨ ᠨᠡᠷ᠎ᠡ ᠶᠢ ᠪᠠᠷᠢᠵᠤ ᠦᠨᠳᠦᠰᠦᠯᠡᠯ ᠦᠭᠡᠢ ᠮᠡᠳᠡᠭᠡᠯᠡᠯ ᠲᠠᠷᠬᠠᠭᠠᠭᠰᠠᠨ

ᠥᠨᠥᠳᠥᠷ ᠶᠡᠷᠦᠩᠬᠡᠶᠢᠯᠡᠭᠴᠢ ᠶᠢᠨ ᠰᠤᠶᠤᠯ᠂ ᠱᠠᠰᠢᠨ ᠤ ᠪᠣᠳᠣᠯᠭ᠎ᠠ ᠶᠢᠨ ᠵᠥᠪᠯᠡᠬᠦ ᠴ∙ᠬᠤᠯᠠᠨ ᠡᠨᠡ ᠰᠠᠷ᠎ᠠ ᠶᠢᠨ 6᠂ 7 ᠍ ᠤ ᠡᠳᠦᠷ ᠦᠳ ᠲᠦ ᠴᠠᠬᠢᠮ ᠰᠦᠯᠵᠢᠶᠡᠨ ᠳᠦ ᠮᠣᠩᠭᠣᠯ ᠤᠯᠤᠰ ᠤᠨ ᠠᠷᠠᠳ ᠤᠨ ᠤᠷᠠᠨ ᠵᠣᠬᠢᠶᠠᠯᠴᠢ ᠳ∙ ᠴᠤᠤᠳᠠᠯ᠂ ᠶᠡᠷᠦᠩᠬᠡᠢ ᠰᠠᠶᠢᠳ ᠤ᠊∙ᠬᠦᠷᠡᠯᠰᠦ᠋ᠬᠡ ᠶᠢ ᠠᠯᠪᠠᠨ ᠲᠤᠰᠢᠶᠠᠯ ᠢᠶᠠᠨ ᠥᠭ ᠭᠡᠰᠡᠨ ᠤᠳᠬ᠎ᠠ ᠪᠦᠬᠦᠢ ᠵᠠᠬᠢᠳᠠᠯ ᠪᠢᠴᠢᠵᠦ ᠬᠦᠷᠭᠡᠭᠦᠯᠦᠭᠰᠡᠨ ᠭᠡᠬᠦ ᠮᠡᠳᠡᠭᠡᠯᠡᠯ ᠲᠡᠢ ᠬᠣᠯᠪᠣᠭᠳᠠᠭᠤᠯᠤᠨ ᠲᠠᠶᠢᠯᠪᠤᠷᠢ ᠬᠢᠪᠡ᠃
ᠲᠡᠷᠡ  ᠪᠡᠷ ᠄ ᠡᠨᠡᠬᠦ ᠮᠡᠳᠡᠭᠡᠯᠡᠯ ᠣᠭᠲᠣ ᠦᠨᠳᠦᠰᠦᠯᠡᠯ ᠦᠭᠡᠢ ᠃ ᠮᠢᠨᠦ ᠠᠪᠤ ᠶᠢᠨ ᠨᠡᠷ᠎ᠡ ᠶᠢ ᠪᠠᠷᠢᠵᠤ ᠦᠯᠦ ᠪᠦᠲᠦᠬᠦ ᠨᠥᠬᠥᠳ ᠦᠳ ᠥᠪᠡᠷᠰᠡᠳ ᠦᠨ ᠢᠶᠡᠨ ᠡᠬᠢ ᠰᠤᠷᠪᠤᠯᠵᠢ ᠶᠢ ᠨᠢᠭᠤᠴᠠᠯᠠᠭᠰᠠᠨ ᠭᠡᠮᠲᠦ ᠬᠡᠷᠡᠭ ᠦᠨ ᠰᠢᠨᠵᠢᠲᠡᠢ ᠦᠢᠯᠡᠳᠦᠯ ᠭᠡᠵᠦ ᠬᠠᠷᠠᠵᠤ ᠪᠠᠶᠢᠨ᠎ᠠ᠃ ᠡᠨᠡᠬᠦ ᠮᠡᠳᠡᠭᠡᠯᠡᠯ ᠢ ᠣᠯᠵᠤ ᠦᠵᠡᠭᠰᠡᠨ ᠠᠪᠤ ᠮᠢᠨᠢ ᠴᠣᠴᠢᠷᠳᠠᠵᠤ᠂ ᠳᠠᠷᠤᠯᠲᠠ ᠨᠢ ᠶᠡᠬᠡᠰᠦᠭᠰᠡᠨ᠃ ᠮᠢᠨᠦ ᠠᠪᠤ 80 ᠥᠨᠳᠥᠷ ᠭᠠᠷᠤᠭᠰᠠᠨ ᠬᠦᠮᠦᠨ᠃ ᠮᠣᠩᠭᠣᠯ ᠤᠨ ᠤᠯᠤᠰ ᠲᠥᠷᠥ ᠶᠢᠨ ᠮᠡᠳᠡᠭᠳᠡᠯ ᠳᠦ ᠣᠷᠣᠯᠴᠠᠵᠤ ᠪᠠᠶᠢᠭ᠎ᠠ ᠦᠭᠡᠢ ᠭᠡᠳᠡᠭ ᠢ ᠠᠷᠠᠳ ᠲᠦᠮᠡᠨ ᠰᠠᠶᠢᠨ ᠮᠡᠳᠡᠨ᠎ᠡ᠃  ᠬᠤᠪᠢ ᠬᠦᠮᠦᠰ ᠢ ᠬᠠᠭᠠᠯᠤᠨ ᠪᠤᠲᠠᠷᠠᠭᠠᠬᠤ᠂ ᠮᠣᠩᠭᠣᠯ ᠤᠨ ᠲᠥᠷᠥ ᠳᠦ ᠡᠮᠬᠢ ᠵᠠᠮᠪᠠᠷᠠᠭ᠎ᠠ ᠦᠭᠡᠢ ᠲᠣᠭᠲᠠᠪᠤᠷᠢ ᠦᠭᠡᠢ ᠪᠠᠶᠢᠳᠠᠯ ᠡᠭᠦᠰᠭᠡᠬᠦ ᠴᠠᠬᠢᠮ ᠣᠷᠴᠢᠨ ᠤ ᠮᠡᠳᠡᠭᠡᠯᠡᠯ ᠦᠨ ᠠᠶᠤᠯᠭᠦᠢ ᠪᠠᠶᠢᠳᠠᠯ  ᠠᠯᠳᠠᠭᠳᠠᠭᠰᠠᠨ ᠠᠴᠠ ᠪᠣᠯᠵᠤ ᠣᠯᠠᠨ ᠢᠷᠭᠡᠨ ᠬᠣᠭᠣᠷᠣᠨᠳᠣ ᠪᠠᠨ ᠡᠪ ᠳᠦᠨᠵᠢᠨ ᠬᠠᠭᠠᠷᠠᠬᠤ᠂ ᠬᠢᠮᠤᠷᠠᠬᠤ ᠵᠦᠢᠯ ᠠᠵᠢᠭᠯᠠᠭᠳᠠᠵᠤ ᠪᠠᠶᠢᠨ᠎ᠠ᠃ ᠴᠠᠬᠢᠮ ᠬᠠᠯᠳᠠᠯᠭ᠎ᠠ ᠭᠡᠵᠦ ᠬᠡᠯᠡᠵᠦ ᠪᠣᠯᠬᠤ ᠪᠠᠷ ᠡᠨᠡ ᠵᠦᠢᠯ ᠳᠦ ᠬᠠᠤᠯᠢ ᠬᠢᠨᠠᠯᠲᠠ ᠶᠢᠨ ᠬᠢᠨ ᠰᠢᠯᠭᠠᠯᠲᠠ ᠪᠠᠨ ᠬᠢᠵᠦ᠂ ᠴᠤᠬᠤᠮ ᠶᠠᠮᠠᠷ ᠬᠦᠮᠦᠰ ᠡᠴᠡ ᠠᠩᠬ᠎ᠠ ᠡᠨᠡ ᠮᠡᠳᠡᠭᠡᠯᠡᠯ ᠭᠠᠷᠤᠭᠰᠠᠨ ᠢ ᠲᠣᠭᠲᠠᠭᠠᠬᠤ ᠬᠡᠷᠡᠭᠲᠡᠢ ᠪᠠᠶᠢᠨ᠎ᠠ᠃
ᠴᠠᠬᠢᠮ ᠬᠡᠪᠯᠡᠯ ᠦᠨ ᠠᠶᠤᠯᠭᠦᠢ ᠪᠠᠶᠢᠳᠠᠯ ᠦᠨᠡᠬᠡᠷ ᠠᠯᠳᠠᠭᠳᠠᠭᠰᠠᠨ᠃ ᠶᠠᠭᠠᠬᠢᠭᠠᠳ ᠭᠡᠪᠡᠯ ᠴᠠᠬᠢᠮ  ᠶᠢᠷᠲᠢᠨᠴᠦ ᠳᠦ ᠬᠠᠮᠢᠶᠠᠷᠳᠠᠭ ᠲᠧᠭᠨᠣᠯᠣᠭᠢ ᠤᠷᠳᠤ ᠬᠥᠷᠰᠢ ᠡᠴᠡ ᠬᠠᠮᠢᠶᠠᠷᠤᠯ ᠲᠠᠢ ᠪᠠᠶᠢᠳᠠᠭ᠃ ᠰᠠᠶᠢᠨ ᠰᠠᠶᠢᠬᠠᠨ ᠮᠡᠳᠡᠭᠡ ᠨᠢ ᠨᠢᠭᠡ ᠬᠣᠨᠣᠭ ᠤᠨ ᠳᠣᠲᠣᠷ᠎ᠠ ᠤᠰᠠᠳᠴᠤ᠂ ᠮᠠᠭᠤ ᠮᠠᠭᠤᠬᠠᠢ ᠮᠡᠳᠡᠭᠡ ᠶᠢ ᠨᠢ ᠦᠯᠡᠳᠡᠭᠡᠵᠦ  ᠬᠦᠮᠦᠰ ᠦᠨ ᠰᠡᠳᠬᠢᠯ ᠳᠦ ᠬᠣᠨᠣᠭᠰᠢᠭᠤᠯᠬᠤ ᠪᠠᠷ ᠶᠠᠪᠤᠵᠤ ᠪᠠᠶᠢᠭ᠎ᠠ ᠶᠢ ᠲᠤᠰᠬᠠᠢ ᠠᠯᠪᠠᠨ ᠤ ᠬᠢᠨ ᠣᠯᠵᠤ ᠲᠣᠭᠲᠠᠭᠠᠭᠠᠳ ᠪᠠᠶᠢᠭ᠎ᠠ᠃ ᠺᠢᠪᠧᠷ ᠭᠡᠮᠲᠦ ᠬᠡᠷᠡᠭ ᠲᠡᠢ ᠲᠡᠮᠡᠴᠡᠬᠦ ᠴᠠᠭᠳᠠᠭ᠎ᠠ ᠶᠢᠨ ᠬᠢᠨ ᠬᠠᠩᠭᠠᠯᠲᠠ ᠦᠭᠡᠢ ᠠᠵᠢᠯᠯᠠᠵᠤ ᠪᠠᠶᠢᠨ᠎ᠠ᠃ ᠥᠩᠭᠡᠷᠡᠭᠰᠡᠨ ᠵᠢᠷᠭᠤᠳᠤᠭᠠᠷ ᠰᠠᠷ᠎ᠠ ᠳᠤ ᠮᠢᠨᠦ ᠡᠮᠦᠨ᠎ᠡ ᠡᠴᠡ ᠠᠵᠢᠯᠯᠠᠳᠠᠭ ᠬᠣᠶᠠᠷ  ᠬᠠᠭᠤᠷᠠᠮᠴᠢ ᠬᠠᠶ᠋ᠢᠭ ᠢ ᠬᠠᠭᠠᠯᠭᠠᠬᠤ ᠪᠠᠷ ᠡᠷᠭᠦᠳᠡᠯ ᠥᠭᠭᠦᠭᠰᠡᠨ ᠪᠣᠯᠪᠠᠴᠤ ᠭᠡᠮᠲᠦ ᠬᠡᠷᠡᠭ ᠦᠨ ᠰᠢᠨᠵᠢ ᠦᠭᠡᠢ ᠭᠡᠳ ᠡᠷᠭᠦᠳᠡᠯ ᠢ ᠬᠦᠯᠢᠶᠡᠵᠦ ᠠᠪᠤᠭ᠎ᠠ ᠦᠭᠡᠢ᠃ ᠨᠡᠶᠢᠭᠡᠮ ᠤᠨ ᠡᠮᠬᠢ ᠵᠠᠮᠪᠠᠷᠠᠭ᠎ᠠ ᠦᠭᠡᠢ ᠪᠠᠶᠢᠳᠠᠯ᠂ ᠲᠥᠷᠥ ᠶᠢᠨ ᠡᠰᠡᠷᠭᠦ ᠬᠠᠨᠳᠤᠬᠤ ᠬᠠᠨᠳᠤᠯᠭ᠎ᠠ ᠨᠢᠭᠡ ᠢᠷᠭᠡᠨ ᠢ ᠨᠥᠭᠥᠭᠡ ᠢᠷᠭᠡᠨ ᠲᠡᠢ ᠳᠠᠶᠢᠰᠤᠩᠨᠠᠭᠤᠯᠬᠤ ᠤᠪᠠᠢ ᠦᠭᠡᠢ ᠦᠢᠯᠡᠳᠦᠯ ᠭᠠᠵᠠᠷ ᠠᠪᠴᠠᠢ᠃ ᠡᠨᠡ ᠠᠰᠠᠭᠤᠳᠠᠯ ᠢᠶᠠᠷ ᠦᠨᠳᠦᠰᠦᠨ ᠦ ᠠᠶᠤᠯᠭᠦᠢ ᠪᠠᠶᠢᠳᠠᠯ ᠤᠨ ᠵᠥᠪᠯᠡᠯ ᠳᠦ ᠵᠥᠪᠯᠡᠮᠵᠢ ᠬᠦᠷᠭᠡᠭᠦᠯᠵᠦ᠂ ᠡᠭᠦᠷᠭᠡ ᠳᠠᠭᠠᠭᠠᠯᠭᠠᠪᠤᠷᠢ ᠥᠭᠭᠦᠭᠰᠡᠨ ᠪᠠᠶᠢᠭ᠎ᠠ᠃ ᠳᠣᠷᠪᠢᠲᠠᠢ ᠠᠷᠭ᠎ᠠ ᠬᠡᠮᠵᠢᠶ᠎ᠡ ᠠᠪᠴᠤ ᠠᠵᠢᠯᠯᠠᠬᠤ ᠪᠠᠶᠢᠬᠤ  ᠃
ᠳ  

ᠰᠡᠳᠬᠢᠭᠳᠡᠯ ᠦᠯᠡᠳᠡᠭᠡᠬᠦ

3 ᠰᠡᠳᠬᠢᠭᠳᠡᠯ

Avatar

ᠨᠢᠮ ᠎᠎ᠠ 2018-10-09 194.228.76.253

ᠭᠡᠷᠪᠡ ᠴᠤᠤᠳᠠᠯ ᠲᠡᠭᠡᠵᠦ ᠭᠡᠯᠡᠭᠰᠡᠨ ᠪᠤᠯ ᠴᠤᠤᠳᠠᠯ ᠎   ᠳᠤ ᠪᠠᠶᠠᠷ ᠭᠦᠷᠭᠡᠭᠦ ᠠᠰᠠᠨ᠃

Avatar

카지노쿠폰 2018-10-09 178.238.21.46

However, it is possible to refrain from placing the bets in case you
would not have enough funds. The final simple truth is when the jackpot hits 185
million Euros, then there will likely be no more roll over.

Bingo offers you patience and perseverance to maintain on playing while many additional factors like winning bonuses will
assist

Avatar

카지노쿠폰 2018-10-09 178.238.21.46

However, it is possible to refrain from placing
the bets in case you would not have enough funds. The final simple truth is when the jackpot hits 185
million Euros, then there will likely be no more roll over.
Bingo offers you patience and perseverance to maintain on playing while many additional factors like winning bonuses will assist you