ᠨ∙ᠲᠦᠪᠰᠢᠨᠪᠠᠶᠠᠷ  ᠤᠨ ᠬᠣᠶᠠᠷ ᠬᠦᠦ ᠬᠦᠷᠡᠯ ᠮᠧᠳᠠᠯ ᠬᠦᠷᠲᠡᠪᠡ | News.MN

ᠨ∙ᠲᠦᠪᠰᠢᠨᠪᠠᠶᠠᠷ  ᠤᠨ ᠬᠣᠶᠠᠷ ᠬᠦᠦ ᠬᠦᠷᠡᠯ ᠮᠧᠳᠠᠯ ᠬᠦᠷᠲᠡᠪᠡ

ᠮᠣᠩᠭᠣᠯ ᠳᠤ ᠬᠤᠶᠠᠳᠠᠬᠢ  ᠤᠳᠠᠭ᠎ᠠ ᠪᠠᠨ ᠪᠣᠯᠵᠤ ᠪᠤᠢ ᠵᠢᠶᠤ ᠵᠢᠴᠤ ᠶᠢᠨ ᠣᠯᠠᠨ ᠤᠯᠤᠰ ᠤᠨ ULAANBAATAR PRO ᠲᠡᠮᠡᠴᠡᠭᠡᠨ ᠰᠫᠣᠷᠲ ᠤᠨ ᠲᠥᠪ ᠣᠷᠳᠣᠨ ᠳᠤ ᠦᠷᠭᠦᠯᠵᠢᠯᠡᠵᠦ ᠪᠠᠶᠢᠨ᠎ᠠ᠃ ᠲᠤᠰ ᠲᠡᠮᠡᠴᠡᠭᠡᠨ ᠳᠦ ᠶᠢᠰᠦᠨ ᠣᠷᠣᠨ ᠤ 441 ᠲᠠᠮᠢᠷᠴᠢᠨ ᠵᠣᠳᠣᠭᠯᠠᠨ᠂ ᠬᠦᠴᠦ ᠦᠵᠡᠵᠦ ᠪᠠᠶᠢᠨ᠎ᠠ ᠃ ᠥᠰᠪᠦᠷᠢ ᠦᠶ᠎ᠡ ᠶᠢᠨ ᠬᠥᠪᠡᠭᠦᠳ ᠦᠨ ᠠᠩᠭᠢᠯᠠᠯ ᠳᠤ ᠨ∙ᠲᠦᠪᠰᠢᠨᠪᠠᠶᠠᠷ ᠤᠨ ᠬᠦᠦ ᠮᠠᠩᠯᠠᠢ᠂ ᠮᠠᠨᠳᠤᠬᠤ ᠥᠷᠢᠰᠦᠯᠳᠦᠨ᠂ ᠬᠣᠶᠠᠭᠤᠯᠠ ᠪᠠᠨ ᠬᠦᠷᠡᠯ ᠮᠧᠳᠠᠯ ᠬᠦᠷᠲᠡᠭᠰᠡᠨ ᠠᠮᠵᠢᠯᠲᠠ ᠶᠢ ᠦᠵᠡᠭᠦᠯᠵᠡᠢ᠃
ᠡᠨᠡ ᠲᠠᠯ᠎ᠠ ᠪᠠᠷ ᠲ∙ᠮᠠᠩᠯᠠᠢ ᠬᠦᠦ ᠰᠡᠳᠬᠢᠭᠳᠡᠯ ᠢᠶᠡᠨ ᠬᠤᠪᠢᠶᠠᠯᠴᠠᠬᠤ ᠳᠤ ᠪᠠᠨ ᠄ ᠪᠢ ᠡᠨᠡ ᠲᠡᠮᠡᠴᠡᠭᠡᠨ ᠡᠴᠡ ᠥᠩᠭᠡᠷᠡᠭᠰᠡᠨ ᠵᠢᠯ ᠮᠥᠩᠭᠥᠨ ᠮᠧᠳᠠᠯ ᠬᠦᠷᠲᠡᠭᠰᠡᠨ᠃ ᠡᠨᠡ ᠵᠢᠯ ᠬᠡᠳᠦᠢ ᠪᠡᠷ ᠮᠧᠳᠠᠯ ᠠᠪᠤᠭᠰᠠᠨ ᠴᠤ ᠠᠮᠵᠢᠯᠲᠠ ᠪᠠᠨ ᠠᠬᠢᠭᠤᠯᠵᠤ ᠴᠢᠳᠠᠭᠰᠠᠨ ᠦᠭᠡᠢ᠃ ᠤᠭ ᠨᠢ ᠪᠢ ᠲᠡᠮᠡᠴᠡᠭᠡᠨ ᠳᠦ ᠣᠷᠣᠯᠴᠠᠬᠤ ᠦᠭᠡᠢ ᠭᠡᠵᠦ ᠪᠣᠳᠣᠵᠤ ᠪᠠᠶᠢᠭᠰᠠᠨ ᠶᠤᠮ᠃ ᠠᠪᠤ ᠯᠠ ᠥᠷᠢᠰᠦᠯᠳᠦ ᠭᠡᠰᠡᠨ ᠬᠡᠮᠡᠵᠡᠢ᠃

ᠰᠡᠳᠬᠢᠭᠳᠡᠯ ᠦᠯᠡᠳᠡᠭᠡᠬᠦ