ᠵᠠᠯᠠᠭᠤᠴᠤᠳ ᠤᠨ ᠤᠯᠢᠮᠫᠢᠺ ᠠᠴᠠ ᠭ∙ᠲᠡᠮᠦᠵᠢᠨ ᠮᠥᠩᠭᠥᠨ ᠮᠧᠳᠠᠯ ᠬᠦᠷᠲᠡᠯ᠎ᠡ | News.MN

ᠵᠠᠯᠠᠭᠤᠴᠤᠳ ᠤᠨ ᠤᠯᠢᠮᠫᠢᠺ ᠠᠴᠠ ᠭ∙ᠲᠡᠮᠦᠵᠢᠨ ᠮᠥᠩᠭᠥᠨ ᠮᠧᠳᠠᠯ ᠬᠦᠷᠲᠡᠯ᠎ᠡ

ᠥᠴᠥᠭᠡᠳᠦᠷ ︽ᠵᠠᠯᠠᠭᠤᠴᠤᠳ ᠤᠨ ᠭᠤᠷᠪᠠᠳᠤᠭᠠᠷ ᠤᠯᠢᠮᠫᠢᠺ  ᠤᠨ ᠨᠠᠭᠠᠳᠤᠮ︾ ᠠᠷᠭᠧᠨᠲ᠋ᠢᠨ ᠤᠯᠤᠰ ᠲᠤ ᠨᠡᠭᠡᠭᠡᠯᠲᠡ ᠪᠡᠨ ᠬᠢᠭᠰᠡᠨ᠃ ᠲᠤᠰ ᠨᠠᠭᠠᠳᠤᠮ ᠳᠤ ᠵᠢᠦ᠋ᠳᠣ᠋ ᠪᠥᠬᠡ ᠶᠢᠨ ᠲᠠᠮᠢᠷᠴᠢᠨ  ᠭᠠᠩᠪᠦ᠋ᠷᠭᠦᠳ ᠦᠨ ᠲᠡᠮᠦᠵᠢᠨ ᠮᠥᠩᠭᠥᠨ ᠮᠧᠳᠠᠯ ᠬᠦᠷᠲᠡᠭᠰᠡᠨ ᠢᠶᠡᠷ ᠲᠤᠰ ᠨᠠᠭᠠᠳᠤᠮ ᠠᠴᠠ ᠮᠠᠨ ᠤ ᠤᠯᠤᠰ ᠠᠩᠬᠠᠨ ᠤ ᠮᠧᠳᠠᠯ ᠢᠶᠠᠨ ᠬᠦᠷᠲᠡᠭᠰᠡᠨ ᠶᠤᠮ᠃
ᠲᠡᠷᠡ ᠪᠡᠷ 2017 ᠣᠨ ᠤ ᠠᠽᠢᠶ᠎ᠠ ᠶᠢᠨ ᠥᠰᠪᠦᠷᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠮᠥᠩᠭᠥ᠂ 2018 ᠣᠨ ᠤ ᠠᠽᠢᠶ᠎ᠠ ᠶᠢᠨ ᠥᠰᠪᠦᠷᠢ ᠶᠢᠨ ᠴᠣᠮᠣ ᠶᠢᠨ ᠲᠡᠮᠡᠴᠡᠭᠡᠨ ᠡᠴᠡ ᠠᠯᠲᠠᠨ ᠮᠧᠳᠠᠯ ᠬᠦᠷᠲᠡᠵᠦ ᠪᠠᠶᠢᠭᠰᠠᠨ ᠥᠰᠪᠦᠷᠢ ᠶᠢᠨ ᠰᠢᠯᠢᠳᠡᠭ ᠲᠠᠮᠢᠷᠴᠢᠨ ᠶᠤᠮ᠃ ᠴᠡᠩᠭᠡᠯᠲᠡᠢ ᠳᠡᠭᠦᠷᠭᠡ ᠶᠢᠨ ᠪᠡᠶ᠎ᠡ ᠶᠢᠨ ᠲᠠᠮᠢᠷ ᠰᠫᠣᠷᠲ ᠤᠨ ᠭᠠᠵᠠᠷ ᠤᠨ ᠰ∙ᠪᠠᠶᠠᠷᠵᠢᠷᠭᠠᠯ ᠪᠠᠭᠰᠢ ᠶᠢᠨ ᠭᠠᠷ ᠤᠨ ᠱᠠᠪᠢ ᠪᠥᠭᠡᠳ ᠡᠨᠡ ᠲᠡᠮᠡᠴᠡᠭᠡᠨ ᠳᠦ ᠯ∙ᠯᠤᠪᠰᠠᠩᠳᠡᠮᠪᠡᠷᠢᠯ ᠳᠠᠰᠬᠠᠯᠵᠢᠭᠤᠯᠤᠭᠰᠠᠨ ᠠᠵᠡᠢ᠃
ᠫ᠂ ᠤᠷᠠᠨ᠎ᠠ

ᠰᠡᠳᠬᠢᠭᠳᠡᠯ ᠦᠯᠡᠳᠡᠭᠡᠬᠦ