ᠶᠡᠷᠦᠩᠬᠡᠶᠢᠯᠡᠭᠴᠢ ᠬ∙ᠪᠠᠲᠤᠲᠤᠯᠭ᠎ᠠ 10.08 ᠳᠤ ᠬᠡᠦᠬᠡᠳ ᠬᠠᠮᠠᠭᠠᠯᠠᠯ ᠤᠨ ᠲᠥᠷᠥ ᠶᠢᠨ ᠪᠠᠶᠢᠭᠤᠯᠤᠯᠭ᠎ᠠ ᠶᠢᠨ ᠤᠳᠤᠷᠢᠳᠤᠯᠭ᠎ᠠ ᠨᠤᠭᠤᠳ ᠲᠠᠢ ᠠᠭᠤᠯᠵᠠᠵᠤ ᠶᠠᠷᠢᠯᠴᠠᠭᠰᠠᠨ ᠪᠢᠯᠡ᠃ ᠡᠨᠡ ᠦᠶ᠎ᠡ ᠪᠡᠷ ᠶᠡᠷᠦᠩᠬᠡᠶᠢᠯᠡᠭᠴᠢ ᠬ∙ᠪᠠᠲᠤᠲᠤᠯᠭ᠎ᠠ ᠬᠡᠦᠬᠡᠳ ᠬᠠᠮᠠᠭᠠᠯᠠᠯ ᠤᠨ ᠰᠠᠯᠪᠤᠷᠢ ᠳᠤ ᠡᠨᠡ ᠣᠨ ᠤ ᠤᠯᠤᠰ ᠤᠨ ᠲᠥᠰᠥᠪ ᠲᠦ ᠲᠠᠪᠤᠨ ᠲᠡᠷᠪᠤᠮ ᠲᠥᠭᠥᠷᠢᠭ ᠰᠠᠭᠤᠯᠭᠠᠭᠰᠠᠨ ᠪᠠᠶᠢᠲᠠᠯ᠎ᠠ 3.7 ᠲᠡᠷᠪᠤᠮ ᠢ ᠨᠢ ᠡᠳ᠋ ᠬᠣᠭᠰᠢᠯ᠂ ᠲᠠᠪᠢᠯᠭ᠎ᠠ ᠠᠪᠬᠤ ᠳᠤ ᠵᠠᠷᠤᠴᠠᠭᠤᠯᠤᠭᠰᠠᠨ ᠭᠡᠬᠦ ᠮᠡᠳᠡᠭᠡᠯᠡᠯ ᠢ ᠨᠢᠭᠲᠠᠯᠠᠵᠤ᠂ ᠰᠢᠭᠦᠮᠵᠢᠯᠡᠭᠰᠡᠨ ᠶᠤᠮ᠃
ᠬᠠᠷᠢᠨ ᠭᠡᠷ ᠪᠦᠯᠢ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ ᠤᠨ ᠳᠠᠷᠤᠭ᠎ᠠ ᠣ᠊∙ᠠᠯᠲᠠᠨᠰᠦ᠋ᠬᠡ ᠬᠠᠷᠢᠭᠤᠯᠬᠤ ᠳᠤ ᠪᠠᠨ ᠄ 2018 ᠣᠨ ᠳᠤ ᠤᠯᠤᠰ ᠤᠨ ᠶᠡᠬᠡ ᠬᠤᠷᠠᠯ ᠬᠡᠦᠬᠡᠳ ᠬᠥᠭᠵᠢᠯ ᠬᠠᠮᠠᠭᠠᠯᠠᠯ ᠤᠨ ᠰᠠᠯᠪᠤᠷᠢ ᠳᠤ 6.4 ᠲᠡᠷᠪᠤᠮ ᠲᠥᠭᠥᠷᠢᠭ ᠰᠠᠭᠤᠯᠭᠠᠭᠰᠠᠨ᠃ 2.4 ᠲᠡᠷᠪᠤᠮ ᠲᠥᠭᠥᠷᠢᠭ ᠢ ᠣᠷᠣᠨ ᠨᠤᠲᠤᠭ᠂ ᠨᠡᠶᠢᠰᠯᠡᠯ ᠦᠨ ᠶᠢᠰᠦᠨ ᠳᠡᠭᠦᠷᠭᠡ ᠳᠦ ᠬᠤᠪᠢᠶᠠᠷᠢᠯᠠᠭᠰᠠᠨ᠃ ᠬᠥᠳᠡᠯᠮᠦᠷᠢ᠂ ᠨᠡᠶᠢᠭᠡᠮ ᠤᠨ ᠬᠠᠮᠠᠭᠠᠯᠠᠯ ᠤᠨ ᠶᠠᠮᠤᠨ ᠳᠡᠭᠡᠷ᠎ᠡ 700 ᠰᠠᠶ᠎ᠠ ᠲᠥᠭᠥᠷᠢᠭ᠂ ᠭᠡᠷ ᠪᠦᠯᠢ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ ᠲᠤ 667 ᠰᠠᠶ᠎ᠠ ᠲᠥᠭᠥᠷᠢᠭ᠂ ᠳᠡᠷᠭᠡᠳᠡᠬᠢ ᠪᠠᠶᠢᠭᠤᠯᠤᠯᠭ᠎ᠠ ᠪᠤᠶᠤ ︽ᠨᠠᠶᠢᠷᠠᠮᠳᠠᠯ︾᠂ ︽ᠥᠨᠢᠷ ᠪᠦᠯᠢ︾ ᠂ ︽ᠨᠠᠷᠠᠲᠤ ᠬᠠᠩᠭᠠᠢ︾᠂ ︽108︾ ᠲᠥᠪ᠂ ᠬᠡᠦᠬᠡᠳ ᠬᠠᠮᠠᠭᠠᠯᠠᠬᠤ ᠪᠠᠶᠢᠷᠢᠨ ᠳᠤ 789 ᠰᠠᠶ᠎ᠠ ᠲᠥᠭᠥᠷᠢᠭ᠂ ᠰᠠᠯᠪᠤᠷᠢ ᠳᠤᠮᠳᠠ ᠶᠢᠨ ᠦᠢᠯᠡ ᠠᠵᠢᠯᠯᠠᠭᠠᠨ ᠳᠤ 1.4 ᠲᠡᠷᠪᠤᠮ ᠲᠥᠭᠥᠷᠢᠭ ᠰᠠᠭᠤᠭᠰᠠᠨ᠃ ᠡᠳᠡᠭᠡᠷ ᠵᠠᠷᠤᠳᠠᠯ ᠠᠴᠠ ᠲᠠᠪᠢᠯᠭ᠎ᠠ᠂ ᠲᠣᠨᠣᠭ ᠲᠥᠬᠥᠭᠡᠷᠦᠮᠵᠢ ᠲᠡᠢ ᠬᠣᠯᠪᠣᠭ᠎ᠠ ᠲᠠᠢ ᠵᠠᠷᠤᠳᠠᠯ ᠨᠢ 192.5 ᠰᠠᠶ᠎ᠠ ᠲᠥᠭᠥᠷᠢᠭ ᠪᠣᠯᠤᠭᠰᠠᠨ᠃ ᠲᠠᠪᠢᠯᠭ᠎ᠠ ᠭᠡᠳᠡᠭ ᠨᠢ ᠬᠥᠭᠵᠢᠯ ᠦᠨ ᠪᠡᠷᠬᠡᠰᠢᠶᠡᠯ ᠲᠡᠢ ᠬᠡᠦᠬᠡᠳ ᠦᠳ ᠲᠦ ᠨᠥᠬᠥᠨ ᠰᠡᠷᠭᠦᠭᠡᠬᠦ ᠦᠢᠯᠡᠴᠢᠯᠡᠭᠡ ᠦᠵᠡᠭᠦᠯᠳᠡᠭ ᠲᠦᠪ ᠲᠦ ᠨᠥᠬᠥᠨ ᠰᠡᠷᠭᠦᠭᠡᠬᠦ ᠲᠥᠬᠥᠭᠡᠷᠦᠮᠵᠢ᠂ ᠲᠧᠭᠨᠢᠭ ᠦᠨ ᠬᠠᠩᠭᠠᠮᠵᠢ ᠬᠦᠷᠦᠯᠴᠡᠭᠡ ᠦᠭᠡᠢ ᠪᠠᠶᠢᠭ᠎ᠠ ᠵᠠᠷᠢᠮ ᠣᠷᠣᠨ ᠨᠤᠲᠤᠭ ᠲᠤ ᠺᠤᠮᠫᠢᠦ᠋ᠲᠸᠷ᠂ ᠰᠢᠷᠡᠭᠡ ᠰᠠᠨᠳᠠᠯᠢ ᠠᠪᠤᠭᠰᠠᠨ᠃ ᠡᠨᠡ ᠨᠢ 67.4 ᠰᠠᠶ᠎ᠠ ᠲᠥᠭᠥᠷᠢᠭ ᠪᠣᠯᠤᠭᠰᠠᠨ᠃ ᠮᠥᠨ ︽ᠥᠨᠢᠷ ᠪᠦᠯᠢ︾ ᠲᠦᠪ ᠲᠦ 23 ᠰᠠᠶ᠎ᠠ ᠲᠥᠭᠥᠷᠢᠭ ᠦᠨ ᠠᠷᠬᠢᠪ ᠤᠨ ᠲᠣᠨᠣᠭ ᠲᠥᠬᠥᠭᠡᠷᠦᠮᠵᠢ ᠠᠪᠤᠭᠰᠠᠨ ᠬᠡᠮᠡᠨ ᠲᠣᠳᠣᠳᠬᠠᠭᠰᠠᠨ ᠶᠤᠮ᠃
ᠪ᠂ᠡᠷᠬᠡᠰ