ᠭᠠᠳᠠᠭᠠᠳᠤ ᠶᠢᠨ ᠢᠷᠭᠡᠨ ᠬᠠᠷᠢᠶᠠᠲᠤ ᠶᠢᠨ ᠭᠠᠵᠠᠷ ᠨᠢ ᠮᠣᠩᠭᠣᠯ ᠤᠯᠤᠰ ᠤᠨ ᠬᠠᠤᠯᠢ ᠲᠣᠭᠲᠠᠭᠠᠮᠵᠢ᠂ ᠣᠯᠠᠨ ᠤᠯᠤᠰ ᠤᠨ ᠭᠡᠷ᠎ᠡ ᠺᠣᠨᠸᠧᠨᠼ ᠤᠨ ᠬᠦᠷᠢᠶᠡᠨ ᠳᠦ ᠭᠠᠳᠠᠭᠠᠳᠤ ᠶᠢᠨ ᠭᠡᠷ ᠪᠦᠯᠢ ᠳᠦ ᠮᠣᠩᠭᠣᠯ ᠤᠯᠤᠰ ᠤᠨ ᠬᠠᠷᠢᠶᠠᠲᠤ ᠬᠡᠦᠬᠡᠳ ᠦᠷᠡᠴᠢᠯᠡᠭᠦᠯᠬᠦ᠂ ᠦᠷᠡᠴᠢᠯᠡᠭᠳᠡᠭᠰᠡᠨ ᠬᠡᠦᠬᠡᠳ ᠦᠳ ᠲᠦ ᠬᠢᠨᠠᠯᠲᠠ ᠲᠠᠯᠪᠢᠬᠤ ᠦᠨᠳᠦᠰᠦᠨ ᠴᠢᠭ ᠡᠭᠦᠷᠭᠡ ᠶᠢ ᠬᠡᠷᠡᠭᠵᠢᠭᠦᠯᠦᠨ ᠠᠵᠢᠯᠯᠠᠳᠠᠭ᠃
ᠡᠨᠡ ᠬᠦᠷᠢᠶᠡᠨ ᠳᠦ ᠭᠠᠳᠠᠭᠠᠳᠤ ᠶᠢᠨ ᠢᠷᠭᠡᠨ ᠢᠷᠭᠡᠨ ᠬᠠᠷᠢᠶᠠᠲᠤ ᠶᠢᠨ ᠭᠠᠵᠠᠷ ᠤᠨ ᠠᠯᠪᠠᠨ ᠬᠠᠭᠠᠭᠴᠢᠳ ᠠᠮᠧᠷᠢᠺᠠ ᠳᠦ ᠦᠷᠡᠴᠢᠯᠡᠭᠳᠡᠭᠰᠡᠨ ᠨᠠᠷᠠᠨᠰᠠᠴᠤᠷᠠᠯᠲᠤ ᠪᠤᠶᠤ Hannah Williams ᠥᠬᠢᠨ ᠢ ᠡᠬᠡ ᠣᠷᠣᠨ ᠳᠤ ᠪᠠᠨ ᠢᠷᠡᠬᠦ ᠦᠶ᠎ᠡ ᠪᠡᠷ ᠨᠢ ᠬᠦᠯᠢᠶᠡᠨ ᠠᠪᠴᠤ ᠠᠭᠤᠯᠵᠠᠭᠰᠠᠨ ᠪᠠᠶᠢᠨ᠎ᠠ᠃ ᠥᠬᠢᠨ 17 ᠨᠠᠰᠤᠲᠠᠢ ᠪᠥᠭᠡᠳ ᠢᠷᠡᠭᠡᠳᠦᠢ ᠳᠦ ᠬᠡᠦᠬᠡᠳ ᠦᠨ ᠡᠮᠨᠡᠯᠭᠡ ᠳᠦ ᠰᠤᠪᠢᠯᠠᠭᠴᠢ ᠪᠠᠷ ᠠᠵᠢᠯᠯᠠᠵᠤ ᠪᠢᠴᠢᠬᠠᠨ ᠬᠡᠦᠬᠡᠳ ᠦᠳ ᠲᠦ ᠲᠤᠰᠠᠯᠠᠬᠤ ᠬᠦᠰᠡᠯ ᠲᠡᠢ ᠠᠵᠠᠢ᠃ ᠲᠡᠷᠡ ᠪᠡᠷ ᠡᠬᠡ ᠣᠷᠣᠨ ᠤ ᠪᠠᠨ ᠥᠪ ᠰᠤᠶᠤᠯ ᠲᠠᠢ ᠲᠠᠨᠢᠯᠴᠠᠬᠤ ᠠᠴᠠ ᠭᠠᠳᠠᠨ᠎ᠠ ᠨᠡᠩ ᠶᠠᠳᠠᠭᠤ ᠬᠣᠶᠠᠷ ᠭᠡᠷ ᠪᠦᠯᠢ ᠳᠦ ᠢᠵᠢ ᠪᠦᠷᠢᠨ ᠲᠠᠪᠢᠯᠭ᠎ᠠ ᠲᠠᠢ ᠭᠡᠷ ᠪᠡᠯᠡᠭᠯᠡᠭᠰᠡᠨ ᠪᠠᠶᠢᠨ᠎ᠠ᠃
ᠮᠣᠩᠭᠣᠯ ᠤᠯᠤᠰ ᠬᠡᠦᠬᠡᠳ ᠬᠠᠮᠠᠭᠠᠯᠠᠬᠤ ᠪᠣᠯᠤᠨ ᠤᠯᠤᠰ ᠬᠣᠭᠣᠷᠣᠨᠳᠣ ᠦᠷᠡᠴᠢᠯᠡᠬᠦ ᠠᠰᠠᠭᠤᠳᠠᠯ ᠢᠶᠠᠷ ᠬᠠᠮᠲᠤᠷᠠᠨ ᠠᠵᠢᠯᠯᠠᠬᠤ ᠲᠤᠬᠠᠢ ᠤᠯᠠᠨ ᠤᠯᠤᠰ ᠤᠨ ᠺᠣᠨᠸᠧᠨᠼ ᠲᠤ 1999 ᠣᠨ ᠳᠤ ᠨᠢᠭᠡᠳᠦᠨ ᠣᠷᠣᠭᠰᠠᠨ ᠠᠴᠠ ᠬᠣᠶᠢᠰᠢ 269 ᠬᠡᠦᠬᠡᠳ ᠦᠷᠡᠴᠢᠯᠡᠭᠦᠯᠵᠡᠢ᠃ ᠡᠭᠦᠨ ᠡᠴᠡ 2018 ᠣᠨ ᠳᠤ ᠭᠤᠷᠪᠠᠨ ᠬᠡᠦᠬᠡᠳ ᠦᠷᠡᠴᠢᠯᠡᠭᠳᠡᠭᠰᠡᠨ ᠭᠡᠬᠦ ᠮᠡᠳᠡᠭᠡᠯᠡᠯ ᠪᠠᠶᠢᠨ᠎ᠠ ᠃