《ᠠᠭᠤᠷᠬᠠᠶᠢᠴᠢᠨ ᠪᠢ 》ᠳᠠᠭᠤᠤ ᠳᠤ ᠬᠥᠰᠢᠶ᠎ᠡ ᠪᠣᠰᠬᠠᠯ᠎ᠠ | News.MN

《ᠠᠭᠤᠷᠬᠠᠶᠢᠴᠢᠨ ᠪᠢ 》ᠳᠠᠭᠤᠤ ᠳᠤ ᠬᠥᠰᠢᠶ᠎ᠡ ᠪᠣᠰᠬᠠᠯ᠎ᠠ

ᠡᠷᠳᠡᠨᠢᠲᠦ ᠦᠢᠯᠡᠳᠪᠦᠷᠢ ᠢᠯᠡ ᠠᠭᠤᠷᠬᠠᠢ ᠶᠢᠨ 40 ᠵᠢᠯ ᠦᠨ ᠣᠢ ᠶᠢᠨ ᠬᠦᠷᠢᠶᠡᠨ ᠳᠦ ᠲᠤᠰ   ᠬᠠᠮᠲᠤ ᠣᠯᠠᠨ ︽ᠠᠭᠤᠷᠬᠠᠶᠢᠴᠢᠨ ᠪᠢ ︾  ᠳᠠᠭᠤᠤ  ᠶᠢᠨ ᠬᠦᠨᠳᠦᠳᠬᠡᠯ ᠦᠨ ᠰᠠᠮᠪᠠᠷ᠎ᠠ ᠶᠢ ᠪᠣᠰᠬᠠᠵᠤ᠂ ᠠᠭᠤᠷᠬᠠᠢ ᠶᠢᠨ ᠵᠠᠮ ᠲᠠᠯᠠᠪᠠᠢ ᠶᠢᠨ ᠬᠡᠰᠡᠭ ᠲᠦ ᠪᠠᠶᠢᠷᠢᠯᠠᠭᠤᠯᠤᠯ᠎ᠠ᠃
ᠦᠶ᠎ᠡ ᠦᠶ᠎ᠡ ᠶᠢᠨ ᠠᠭᠤᠷᠬᠠᠶᠢᠴᠢᠳ ᠤᠨ ᠳᠠᠭᠤᠯᠠᠬᠤ ᠳᠤᠷᠠᠲᠠᠢ  ᠳᠠᠭᠤᠤ ᠶᠢᠨ ᠨᠢᠭᠡ ᠪᠣᠯᠤᠭᠰᠠᠨ ︽ᠠᠭᠤᠷᠬᠠᠶᠢᠴᠢᠨ ᠪᠢ︾ ᠳᠠᠭᠤᠤ ᠶᠢᠨ ᠠᠴᠢ ᠬᠣᠯᠪᠣᠭᠳᠠᠯ ᠢ ᠲᠠᠨᠢᠭᠤᠯᠬᠤ᠂ ᠮᠥᠩᠬᠡᠵᠢᠭᠦᠯᠬᠦ ᠵᠣᠷᠢᠯᠭ᠎ᠠ ᠪᠠᠷ ᠤᠭ ᠰᠠᠮᠪᠠᠷ᠎ᠠ ᠶᠢ ᠪᠣᠰᠬᠠᠭᠰᠠᠨ ᠠᠵᠠᠢ ᠃ ᠬᠦᠨᠳᠦᠳᠬᠡᠯ ᠦᠨ ᠰᠠᠮᠪᠠᠷ᠎ᠠ ᠶᠢ ᠪᠠᠶᠢᠷᠢᠯᠠᠭᠤᠯᠬᠤ ᠦᠶ᠎ᠡ ᠪᠡᠷ ᠳᠠᠭᠤᠤ  ᠶᠢᠨ ᠰᠢᠯᠦᠭ ᠢ ᠪᠢᠴᠢᠭᠰᠡᠨ ᠮᠣᠩᠭᠣᠯ ᠤᠯᠤᠰ ᠤᠨ ᠤᠷᠠᠯᠢᠭ ᠤᠨ ᠭᠠᠪᠢᠶᠠᠲᠤ ᠵᠢᠳᠬᠦᠯᠲᠡᠨ ᠳ∙ᠳᠠᠰᠢᠳᠣᠨᠳᠣᠪ᠂ ᠬᠥᠭᠵᠢᠮ ᠦᠨ ᠵᠣᠬᠢᠶᠠᠯᠴᠢ ᠳ∙ᠫᠦᠷᠪᠦᠰᠦ᠋ᠷᠦᠩ᠂ ᠳᠠᠭᠤᠴᠢᠨ ᠮ∙ᠡᠩᠬᠡᠲᠤᠭᠲᠠᠬᠤ ᠨᠠᠷ ᠲᠤ ᠬᠦᠨᠳᠦᠳᠬᠡᠯ ᠦᠵᠡᠭᠦᠯᠵᠦ᠂ ᠲᠠᠯᠠᠷᠬᠠᠯ ᠢᠯᠡᠷᠬᠡᠶᠢᠯᠡᠯ᠎ᠡ᠃ ᠮᠥᠨ ᠠᠭᠤᠯᠠ ᠠᠭᠤᠷᠬᠠᠢ ᠶᠢᠨ ᠬᠦᠨᠳᠦ ᠬᠡᠴᠡᠭᠦᠦ ᠠᠯᠪᠠᠨ ᠳᠤ ᠬᠥᠳᠡᠯᠮᠦᠷᠢᠯᠡᠵᠦ ᠶᠠᠪᠤᠭ᠎ᠠ ᠠᠭᠤᠷᠬᠠᠶᠢᠴᠢᠳ ᠲᠤ ᠪᠠᠨ ᠤᠷᠮ᠎ᠠ ᠵᠣᠷᠢᠭ ᠥᠭᠬᠦ ᠡᠭᠦᠳᠡᠨ ᠡᠴᠡ ᠢᠯᠡ ᠠᠭᠤᠷᠬᠠᠢ ᠶᠢᠨ ᠪᠦᠬᠦ ᠬᠡᠰᠡᠭ ᠨᠢᠭᠡᠴᠡ ᠨᠦᠭᠦᠳ ᠲᠦ ︽ᠠᠭᠤᠷᠬᠠᠶᠢᠴᠢᠨ ᠪᠢ︾ ᠳᠠᠭᠤᠤ ᠶᠢᠨ ᠦᠭᠡ ᠪᠦᠬᠦᠢ ᠵᠢᠶᠠᠰᠠ ᠶᠢ ᠪᠠᠶᠢᠷᠢᠯᠠᠭᠤᠯᠬᠤ ᠪᠠᠷ ᠪᠣᠯᠵᠠᠢ᠃
ᠪ∙ᠣᠶᠤᠨ-ᠡᠷᠳᠡᠨᠢ

ᠰᠡᠳᠬᠢᠭᠳᠡᠯ ᠦᠯᠡᠳᠡᠭᠡᠬᠦ