ᠠᠷᠪᠠᠳᠤᠭᠠᠷ ᠰᠠᠷ᠎ᠠ ᠶᠢᠨ 5 ᠍ ᠤ ᠪᠠᠶᠢᠳᠠᠯ ᠢᠶᠠᠷ 39.3 ᠮᠢᠩᠭᠠᠨ ᠭᠠ ᠪᠤᠭᠤᠳᠠᠢ ᠶᠢ ᠠᠩᠭᠢᠯᠠᠨ ᠬᠠᠳᠤᠵᠤ᠂ ᠨᠡᠶᠢᠲᠡ 121.1 ᠮᠢᠩᠭᠠᠨ ᠭᠠ ᠠᠴᠠ 169.6 ᠮᠢᠩᠭᠠᠨ ᠲᠣᠨ ᠦᠷ᠎ᠡ ᠲᠠᠷᠢᠶ᠎ᠠ᠂ 11.9 ᠮᠢᠩᠭᠠᠨ ᠭᠠ ᠠᠴᠠ 151 ᠮᠢᠩᠭᠠᠨ ᠲᠣᠨ ᠲᠥᠮᠥᠰᠥ᠂ 7 ᠮᠢᠩᠭᠠᠨ ᠭᠠ ᠠᠴᠠ 80.3 ᠮᠢᠩᠭᠠᠨ ᠲᠣᠨ ᠬᠦᠨᠡᠰᠦᠨ ᠦ ᠨᠣᠭᠣᠭ᠎ᠠ ᠲᠤᠰ ᠲᠤᠰ ᠬᠤᠷᠢᠶᠠᠨ ᠠᠪᠤᠭᠠᠳ ᠪᠠᠶᠢᠨ᠎ᠠ᠃ ᠣᠳᠣ ᠶᠢᠨ ᠪᠠᠶᠢᠳᠠᠯ ᠢᠶᠠᠷ ᠦᠷ᠎ᠡ ᠲᠠᠷᠢᠶᠠᠨ ᠤ 35.5 ᠬᠤᠪᠢ᠂ ᠲᠥᠮᠦᠰᠦᠨ ᠦ 92 ᠬᠤᠪᠢ᠂ ᠬᠦᠨᠡᠰᠦᠨ ᠦ ᠨᠣᠭᠣᠭᠠᠨ ᠤ 85 ᠬᠤᠪᠢ᠂ ᠲᠡᠵᠢᠭᠡᠯ ᠦᠨ 35 ᠬᠤᠪᠢ᠂ ᠲᠣᠰᠤᠨ ᠤ ᠤᠷᠭᠤᠮᠠᠯ ᠤᠨ 18 ᠬᠤᠪᠢ ᠶᠢ ᠬᠤᠷᠢᠶᠠᠵᠤ ᠠᠪᠤᠭᠰᠠᠨ ᠢᠶᠠᠷ ᠤᠯᠤᠰ ᠤᠨ ᠬᠡᠮᠵᠢᠶᠡᠨ ᠳᠦ ᠤᠷᠭᠤᠴᠠ ᠬᠤᠷᠢᠶᠠᠯᠲᠠ ᠶᠢᠨ ᠠᠵᠢᠯ 54 ᠬᠤᠪᠢ ᠲᠠᠢ ᠶᠠᠪᠤᠭᠳᠠᠵᠤ ᠪᠠᠶᠢᠨ᠎ᠠ᠃
ᠣᠶᠢᠷ᠎ᠠ ᠶᠢᠨ ᠡᠳᠦᠷ ᠦᠳ ᠲᠦ ᠲᠥᠪ᠂ ᠵᠡᠭᠦᠨ ᠠᠶᠢᠮᠠᠭ ᠤᠳ ᠤᠨ ᠭᠠᠵᠠᠷ ᠲᠠᠷᠢᠶᠠᠯᠠᠩ ᠤᠨ ᠨᠤᠲᠤᠭ ᠤᠳ ᠢᠶᠠᠷ ᠨᠣᠶᠢᠲᠠᠨ ᠴᠠᠰᠤ ᠣᠷᠣᠵᠤ᠂ ᠴᠠᠰᠤᠨ ᠰᠢᠭᠤᠷᠭ᠎ᠠ ᠰᠢᠭᠤᠷᠴᠤ᠂ ᠪᠦᠬᠦ ᠨᠤᠲᠤᠭ ᠢᠶᠠᠷ ᠡᠷᠡᠰ ᠰᠡᠷᠢᠭᠦᠰᠦᠨᠡ ᠭᠡᠵᠦ ᠤᠰᠤ ᠴᠠᠭ ᠠᠭᠤᠷ ᠣᠷᠴᠢᠨ ᠤ ᠰᠢᠨᠵᠢᠯᠡᠭᠡᠨ ᠦ ᠭᠠᠵᠠᠷ ᠠᠴᠠ ᠢᠷᠡᠭᠦᠯᠦᠭᠰᠡᠨ ᠮᠡᠳᠡᠭᠡᠯᠡᠵᠦ ᠪᠠᠶᠢᠭ᠎ᠠ ᠲᠤᠯᠠ ᠮᠠᠯᠴᠢᠳ᠂ ᠲᠠᠷᠢᠶᠠᠯᠠᠩᠴᠢᠳ᠂ ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ ᠨᠤᠭᠤᠳ ᠢ ᠴᠠᠭ ᠠᠭᠠᠷ ᠤᠨ ᠪᠣᠯᠵᠣᠰᠢ ᠦᠭᠡᠢ ᠦᠵᠡᠭᠳᠡᠯ ᠡᠴᠡ ᠰᠡᠷᠡᠮᠵᠢᠯᠡᠭᠦᠯᠵᠦ ᠪᠠᠶᠢᠨ᠎ᠠ᠃
ᠫ᠂ ᠤᠷᠠᠨ᠎ᠠ