ᠨᠠᠮᠤᠷ ᠤᠨ ᠪᠠᠷᠢᠯᠳᠤᠭᠠᠨ ᠳᠤ ᠫ∙ᠪᠦᠷᠢᠨᠲᠡᠭᠦᠰ ᠲᠦᠷᠦᠭᠦᠯᠡᠵᠡᠢ | News.MN

ᠨᠠᠮᠤᠷ ᠤᠨ ᠪᠠᠷᠢᠯᠳᠤᠭᠠᠨ ᠳᠤ ᠫ∙ᠪᠦᠷᠢᠨᠲᠡᠭᠦᠰ ᠲᠦᠷᠦᠭᠦᠯᠡᠵᠡᠢ

ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠠᠴᠠ ᠨᠠᠮᠤᠷ ᠤᠨ ᠨᠡᠭᠡᠭᠡᠯᠲᠡ ᠶᠢᠨ ᠪᠠᠷᠢᠯᠳᠤᠭᠠᠨ ᠢ ︽ᠠᠯᠳᠠᠷ︾ ᠰᠫᠣᠷᠲ ᠬᠣᠷᠢᠶᠠᠨ ᠤ ᠲᠠᠩᠬᠢᠮ ᠳᠤ ᠥᠴᠥᠭᠡᠳᠦᠷ ᠵᠣᠬᠢᠶᠠᠨ ᠪᠠᠶᠢᠭᠤᠯᠪᠠ᠃ ᠤᠴᠢᠷ ᠨᠢ᠂ ᠪᠥᠬᠡ ᠶᠢᠨ ᠬᠣᠯᠪᠣᠭᠠᠨ ᠤ ᠬᠢᠨ ᠤ ᠲᠠᠯᠠᠴᠢᠯ ᠠᠴᠠ ᠪᠣᠯᠵᠤ ᠪᠠᠷᠢᠯᠳᠤᠭᠠᠨ ᠢ ︽ᠪᠥᠬᠡ ᠶᠢᠨ ᠥᠷᠭᠥᠭᠡ︾᠍ ᠳᠦ ᠵᠣᠬᠢᠶᠠᠨ ᠪᠠᠶᠢᠭᠤᠯᠬᠤ ᠪᠣᠯᠤᠮᠵᠢ ᠦᠭᠡᠢ ᠪᠣᠯᠤᠭᠰᠠᠨ ᠪᠢᠯᠡ᠃ ᠨᠠᠮᠤᠷ ᠤᠨ ᠪᠠᠷᠢᠯᠳᠤᠭᠠᠨ ᠢ ᠤᠯᠤᠰ ᠤᠨ ᠭᠠᠷᠤᠳᠢ ᠢ᠊∙ᠳᠣᠷᠵᠢᠰᠠᠮᠪᠤᠤ᠂ ᠤᠯᠤᠰ ᠤᠨ ᠵᠠᠭᠠᠨ ᠼ∙ᠮᠠᠭᠠᠯᠵᠢᠪ ᠨᠠᠷ ᠵᠣᠬᠢᠶᠠᠨ ᠪᠠᠶᠢᠭᠤᠯᠤᠭᠰᠠᠨ ᠪᠠᠶᠢᠨ᠎ᠠ᠃ ᠪᠠᠷᠢᠯᠳᠤᠭᠠᠨ ᠳᠤ ᠤᠯᠤᠰ ᠠᠶᠢᠮᠠᠭ ᠤᠨ ᠠᠯᠳᠠᠷ ᠴᠣᠯᠠ ᠲᠠᠢ 192 ᠪᠥᠬᠡ ᠵᠣᠳᠣᠭᠯᠠᠭᠰᠠᠨ ᠠᠴᠠ ᠫ∙ᠪᠦᠷᠢᠨᠲᠡᠭᠦᠰ ᠲᠦᠷᠦᠭᠦᠯᠡᠵᠡᠢ᠃
ᠳᠠᠰᠢᠷᠠᠮ ᠳᠤ  ᠳᠤᠭᠤᠯᠭᠠᠬᠤ ᠳᠤ ᠂ ᠥᠩᠭᠡᠷᠡᠭᠰᠡᠨ ᠵᠢᠯ ᠦᠨ ᠨᠠᠮᠤᠷ ᠤᠨ ᠨᠡᠭᠡᠭᠡᠯᠲᠡ ᠶᠢᠨ ᠪᠠᠷᠢᠯᠳᠤᠭᠠᠨ ᠳᠤ ᠤᠯᠤᠰ ᠤᠨ ᠠᠷᠰᠯᠠᠨ ᠷ∙ᠫᠦᠷᠪᠦᠳᠠᠭᠪᠠ᠂ ᠤᠯᠤᠰ ᠤᠨ ᠵᠠᠭᠠᠨ ᠨ∙ᠵᠢᠷᠭᠠᠯᠪᠠᠶᠠᠷ᠂ ᠤᠯᠤᠰ ᠤᠨ ᠬᠠᠷᠴᠠᠭᠠᠢ ᠱ∙ᠤᠯᠠᠮᠪᠠᠶᠠᠷ᠂ ᠳ∙ᠪᠠᠲᠤ-ᠡᠷᠳᠡᠨᠢ᠂ ᠮ∙ᠪᠠᠳᠢᠷᠴᠢ᠂ ᠣ᠊∙ᠬᠠᠩᠭᠠᠢ ᠲᠡᠷᠢᠭᠦᠲᠡᠢ 240 ᠪᠥᠬᠡ ᠵᠣᠳᠣᠭᠯᠠᠭᠰᠠᠨ ᠠᠴᠠ ᠵᠠᠯᠠᠭᠤ ᠬᠠᠷᠴᠠᠭ᠎ᠠ ᠣ᠊∙ᠬᠠᠩᠭᠠᠢ ᠨᠠᠢᠮᠠ ᠳᠠᠪᠠᠨ ᠲᠦᠷᠦᠭᠦᠯᠡᠵᠦ ᠪᠠᠶᠢᠪᠠ᠃

ᠰᠡᠳᠬᠢᠭᠳᠡᠯ ᠦᠯᠡᠳᠡᠭᠡᠬᠦ