ᠳᠣᠷᠣᠨᠠᠲᠤ ᠠᠶᠢᠮᠠᠭ ᠲᠤ ᠭᠠᠵᠠᠷ ᠤᠨ ᠲᠣᠰᠤᠨ ᠤ ᠣᠯᠪᠤᠷᠢᠯᠠᠯᠲᠠ ᠶᠠᠪᠤᠭᠤᠯᠵᠤ ᠪᠤᠢ ︽ᠫᠸᠲᠷᠤ᠋ ᠴᠠᠶᠢᠨ᠎ᠠ ᠳ᠋ᠠᠴᠢᠩ ᠲᠠᠮᠰᠤᠭ︾ ᠺᠣᠮᠫᠠᠨᠢ ᠶᠢ ︽ᠬᠠᠯᠬ᠎ᠠ᠂ ᠨᠥᠮᠥᠷᠭᠡ ᠶᠢᠨ ᠰᠠᠪᠠ ᠭᠠᠵᠠᠷ ᠢ ᠬᠠᠮᠠᠭᠠᠯᠠᠬᠤ ᠬᠥᠳᠡᠯᠭᠡᠭᠡᠨ ︾ ᠲᠥᠷᠥ ᠶᠢᠨ ᠪᠤᠰᠤ ᠪᠠᠶᠢᠭᠤᠯᠤᠯᠭ᠎ᠠ ᠰᠢᠭᠦᠬᠦ ᠳᠦ ᠥᠭᠴᠡᠢ᠃ ᠤᠴᠢᠷ ᠨᠢ ᠲᠤᠰ ᠺᠣᠮᠫᠠᠨᠢ ︽ᠭᠠᠵᠠᠷ ᠤᠨ ᠲᠣᠰᠤᠨ ᠤ ᠲᠤᠬᠠᠢ︾ ᠬᠠᠤᠯᠢ ᠶᠢᠨ ᠳᠠᠭᠠᠤ ᠣᠷᠣᠨ ᠨᠤᠲᠤᠭ ᠲᠠᠢ ᠬᠠᠮᠲᠤᠷᠠᠨ ᠠᠵᠢᠯᠯᠠᠬᠤ ᠲᠠᠯ᠎ᠠ ᠪᠠᠷ ᠭᠡᠷ᠎ᠡ ᠪᠠᠶᠢᠭᠤᠯᠤᠯ ᠦᠭᠡᠢ ᠥᠨᠥ ᠶᠢ ᠬᠦᠷᠦᠭᠰᠡᠨ ᠪᠠᠶᠢᠨ᠎ᠠ᠃ ᠢᠩᠭᠢᠭᠰᠡᠨ ᠢᠶᠡᠷ ᠲᠤᠰ ᠺᠣᠮᠫᠠᠨᠢ ᠪᠠᠶᠢᠭᠠᠯᠢ ᠣᠷᠴᠢᠨ ᠢ ᠬᠠᠮᠠᠭᠠᠯᠠᠬᠤ᠂ ᠤᠰᠤᠨ ᠤ ᠵᠣᠬᠢᠰ ᠦᠭᠡᠢ ᠬᠡᠷᠡᠭᠯᠡᠭᠡ ᠶᠢ ᠬᠢᠵᠠᠭᠠᠷᠯᠠᠬᠤ᠂ ᠣᠷᠣᠨ ᠨᠤᠲᠤᠭ ᠤᠨ ᠢᠷᠭᠡᠳ ᠢ ᠠᠵᠢᠯ ᠤᠨ ᠪᠠᠶᠢᠷᠢ ᠪᠠᠷ ᠬᠠᠩᠭᠠᠬᠤ ᠵᠡᠷᠭᠡ ᠡᠭᠦᠷᠭᠡ ᠪᠡᠨ ᠣᠷᠬᠢᠭᠳᠠᠭᠤᠯᠵᠤ ᠢᠷᠡᠭᠰᠡᠨ ᠬᠡᠮᠡᠨ ᠦᠵᠡᠵᠡᠭᠡᠵᠦ ᠪᠤᠢ ᠠᠵᠠᠢ᠃ ᠡᠮᠦᠨ᠎ᠡ ᠨᠢ ︽ᠫᠸᠲᠷᠤ᠋ ᠴᠠᠶᠢᠨ᠎ᠠ ᠳ᠋ᠠᠴᠢᠩ ᠲᠠᠮᠰᠤᠭ︾ ᠺᠣᠮᠫᠠᠨᠢ ᠠᠴᠠ ᠪᠠᠶᠢᠭᠠᠯᠢ ᠳᠤ ᠤᠴᠠᠷᠠᠭᠤᠯᠤᠭᠰᠠᠨ ᠬᠣᠬᠢᠷᠠᠯ ᠢ ᠲᠣᠭᠠᠴᠠᠨ 1.3 ᠲᠡᠷᠪᠤᠮ ᠲᠥᠭᠥᠷᠢᠭ ᠦᠨ ᠨᠥᠬᠥᠨ ᠲᠥᠯᠥᠪᠦᠷᠢ ᠭᠠᠷᠭᠠᠭᠤᠯᠬᠤ ᠰᠢᠢᠳᠪᠦᠷᠢ ᠶᠢ ᠭᠤᠷᠪᠠᠨ ᠱᠠᠲᠤᠨ ᠤ ᠰᠢᠭᠦᠬᠦ ᠡᠴᠡ ᠭᠠᠷᠭᠠᠵᠤ ᠪᠠᠶᠢᠭᠰᠠᠨ ᠶᠤᠮ᠃
ᠫ ᠂ ᠤᠷᠠᠨ᠎ᠠ