ᠶᠠᠫᠣᠨ ᠤ ᠮᠡᠷᠭᠡᠵᠢᠯ ᠦᠨ ᠰᠦᠮᠦᠦ ᠪᠥᠬᠡ ᠶᠢᠨ 70 ᠳ᠋ᠡᠬᠢ ᠶᠡᠬᠡ ᠠᠪᠤᠷᠭᠤ ᠬᠠᠷᠤᠮᠠᠹᠦ᠋ᠵᠢ ᠳ∙ ᠪᠢᠮᠪᠠᠳᠣᠷᠵᠢ ᠶᠢᠨ ᠵᠣᠳᠣᠭ ᠲᠠᠶᠢᠯᠬᠤ ᠶᠣᠰᠣᠯᠠᠯ 09.30 ᠳᠤ ᠶᠠᠫᠣᠨ ᠤᠯᠤᠰ ᠤᠨ ᠨᠡᠶᠢᠰᠯᠡᠯ ᠲᠤᠤᠺᠢᠤ᠋ ᠬᠤᠲᠠᠨ᠎ᠠ ᠪᠣᠯᠤᠯ᠎ᠠ᠃ ᠡᠨᠡᠬᠦ ᠶᠣᠰᠣᠯᠠᠯ ᠨᠢ ᠦᠰᠦ ᠠᠪᠬᠤ ᠶᠣᠰᠣᠯᠠᠯ ᠪᠤᠶᠤ ᠪᠥᠬᠡ ᠶᠢᠨ ᠵᠠᠮᠨᠠᠯ ᠢᠶᠠᠨ ᠳᠠᠭᠤᠰᠬᠠᠵᠤ ᠪᠤᠢ ᠶᠢ ᠢᠯᠡᠳᠬᠡᠭᠰᠡᠨ ᠠᠭᠤᠯᠭ᠎ᠠ ᠲᠠᠢ ᠶᠤᠮ᠃ ᠬᠠᠷᠤᠮᠠᠹᠦ᠋ᠵᠢ ᠳ∙ᠪᠢᠮᠪᠠᠳᠣᠷᠵᠢ ᠰᠡᠭᠦᠯᠴᠢ ᠶᠢᠨ ᠤᠳᠠᠭ᠎ᠠ ᠳᠡᠪᠵᠢᠶᠡᠨ ᠳᠦ ᠭᠠᠷᠴᠤ᠂ ︽ᠶᠣᠺᠣᠽᠦᠨᠠ ᠳ᠋ᠤᠾᠶᠤ᠋ ᠢᠷᠢ》 ᠶᠣᠰᠣᠯᠠᠯ ᠢ ᠬᠢᠯ᠎ᠡ᠃
ᠳ∙ᠪᠢᠮᠪᠠᠳᠣᠷᠵᠢ 28 ᠨᠠᠰᠤᠨ ᠳᠤ ᠪᠠᠨ ᠶᠠᠫᠣᠨ ᠤ ᠮᠡᠷᠭᠡᠵᠢᠯ ᠦᠨ ᠰᠦᠮᠦᠦ ᠪᠥᠬᠡ ᠶᠢᠨ ᠮᠠᠺᠦᠴᠢ ᠪᠤᠶᠤ ᠳᠡᠭᠡᠳᠦ ᠵᠢᠨᠳᠠᠭ᠎ᠠ ᠶᠢᠨ 2012 ᠣᠨ ᠤ ᠳᠣᠯᠣᠭ᠎ᠠ᠂ ᠶᠢᠰᠦᠳᠦᠭᠡᠷ ᠰᠠᠷ᠎ᠠ ᠳᠤ ᠳᠠᠷᠠᠭᠠᠯᠠᠨ ᠲᠦᠷᠦᠭᠦᠯᠡᠭᠰᠡᠨ ᠢᠶᠡᠷ 70 ᠳ᠋ᠡᠬᠢ ᠶᠡᠬᠡ ᠠᠪᠤᠷᠭᠤ ᠴᠣᠯᠠ ᠬᠦᠷᠲᠡᠭᠰᠡᠨ ᠪᠠᠶᠢᠳᠠᠭ᠃ ᠲᠡᠷᠡ ᠪᠡᠷ ᠭᠠᠳᠠᠭᠠᠳᠤ ᠶᠢᠨ ᠲᠠᠪᠤᠳᠠᠬᠢ ᠂ ᠮᠣᠩᠭᠣᠯ ᠤᠨ ᠭᠤᠷᠪᠠᠳᠠᠬᠢ ᠶᠡᠬᠡ ᠠᠪᠤᠷᠭᠤ ︵ᠶᠣᠺᠣᠽᠦᠨᠠ︶ ᠴᠣᠯᠠᠲᠠᠨ ᠢᠶᠠᠷ ᠲᠣᠳᠣᠷᠠᠵᠤ ᠪᠠᠶᠢᠭᠰᠠᠨ ᠬᠦᠴᠦᠲᠡᠨ ᠪᠢᠯᠡ᠃
ᠢᠳᠡ ᠡᠷᠴᠢᠲᠡᠢ ᠦᠶ᠎ᠡ ᠳᠤ ᠪᠠᠨ ᠰᠦᠮᠦᠦ ᠍ ᠶᠢᠨ ᠳᠡᠪᠵᠢᠶ᠎ᠡ ᠶᠢ ᠣᠷᠬᠢᠵᠤ ᠪᠠᠶᠢᠭ᠎ᠠ ᠨᠢ ᠮᠣᠩᠭᠣᠯᠴᠤᠳ ᠤᠨ ᠲᠡᠳᠦᠢ ᠦᠭᠡᠢ ᠶᠠᠫᠣᠨᠴᠤᠳ ᠤᠨ ᠰᠡᠳᠬᠢᠯ ᠳᠦ ᠬᠠᠷᠠᠭᠤᠰᠤᠯ ᠲᠥᠷᠦᠭᠦᠯᠦᠭᠰᠡᠨ ᠦᠢᠯᠡ ᠶᠠᠪᠤᠳᠠᠯ ᠪᠣᠯᠵᠤ ᠪᠠᠶᠢᠨ᠎ᠠ᠃ ᠨᠤᠲᠤᠭ ᠨᠢᠭᠡᠲᠦ ᠪᠥᠬᠡ ᠳᠦ ᠪᠡᠨ ᠭᠠᠷ ᠬᠦᠷᠦᠭᠰᠡᠨ ᠭᠡᠬᠦ ᠠᠰᠠᠭᠤᠳᠠᠯ ᠢᠶᠠᠷ ᠶᠤᠺᠤᠽᠤᠨᠠ ᠶᠢᠨ ᠵᠥᠪᠯᠡᠯ ᠬᠤᠷᠠᠯᠳᠤᠵᠤ᠂ ᠶᠡᠬᠡ ᠠᠪᠤᠷᠭᠤ ᠳᠤ ᠬᠠᠲᠠᠭᠤ ᠰᠢᠢᠳᠭᠡᠯ ᠣᠨᠣᠭᠠᠬᠤ ᠨᠢ ᠵᠦᠢᠲᠡᠢ ᠭᠡᠵᠦ ᠦᠵᠡᠨ ᠵᠣᠳᠣᠭ ᠲᠠᠶᠢᠯᠤᠭᠤᠯᠬᠤ ᠰᠢᠢᠳᠪᠦᠷᠢ ᠶᠢ ᠭᠠᠷᠭᠠᠭᠰᠠᠨ ᠪᠠᠶᠢᠳᠠᠭ᠃ ᠡᠯ᠎ᠡ ᠰᠢᠢᠳᠪᠦᠷᠢ ᠨᠢ ᠰᠦᠮᠦᠦ ᠍ ᠶᠢᠨ ᠳᠡᠪᠵᠢᠶᠡᠨ ᠦ ᠳᠠᠯᠳᠠ ᠶᠢᠷᠲᠢᠨᠴᠦ ᠳᠦ ᠤᠷᠤᠰᠢᠬᠤ ᠵᠥᠷᠢᠴᠡᠯ ᠦᠨ ᠵᠣᠯᠢᠶᠠᠰᠤ ᠨᠢ ᠪᠣᠯᠤᠯ᠎ᠠ ᠭᠡᠬᠦ ᠰᠢᠭᠦᠮᠵᠢᠯᠡᠯ ᠢ ᠴᠤ ᠠᠷᠤ ᠠᠴᠠ ᠪᠠᠨ ᠳᠠᠭᠠᠭᠤᠯᠤᠭᠠᠳ ᠪᠠᠶᠢᠭ᠎ᠠ᠃