ᠨᠠᠮᠤᠷ ᠤᠨ ᠴᠢᠭᠤᠯᠭᠠᠨ ᠢ ᠨᠡᠭᠡᠭᠡᠯ᠎ᠡ | News.MN

ᠨᠠᠮᠤᠷ ᠤᠨ ᠴᠢᠭᠤᠯᠭᠠᠨ ᠢ ᠨᠡᠭᠡᠭᠡᠯ᠎ᠡ

ᠤᠯᠤᠰ ᠤᠨ ᠶᠡᠬᠡ ᠬᠤᠷᠠᠯ ᠤᠨ ᠨᠠᠮᠤᠷ ᠤᠨ ᠴᠢᠭᠤᠯᠭᠠᠨ ᠢ ᠨᠡᠭᠡᠭᠡᠯ᠎ᠡ᠃ ᠬᠤᠷᠠᠯᠳᠤᠭᠠᠨ ᠤ ᠡᠬᠢᠨ ᠳᠦ ᠤᠯᠤᠰ ᠤᠨ ᠶᠡᠬᠡ ᠬᠤᠷᠠᠯ ᠤᠨ ᠳᠠᠷᠤᠭ᠎ᠠ ᠮ∙ᠡᠩᠬᠡᠪᠣᠯᠤᠳ ᠦᠭᠡ ᠬᠡᠯᠡᠪᠡ᠃ ᠲᠡᠷᠡ ᠪᠡᠷ ᠄ ᠪᠠᠭᠰᠢ ᠂ ᠡᠮᠴᠢ ᠶᠢᠨ ᠴᠠᠯᠢᠩ ᠪᠠᠭ᠎ᠠ ᠪᠠᠶᠢᠭ᠎ᠠ ᠨᠢ ᠦᠨᠡᠨ᠃ ᠭᠡᠬᠦ ᠳᠦ ᠪᠡᠨ ᠪᠣᠯᠤᠮᠵᠢ ᠪᠠᠭ᠎ᠠ ᠪᠠᠶᠢᠨ᠎ᠠ᠃ ᠨᠢᠭᠤᠷ  ᠨᠢᠭᠤᠷ ᠢᠶᠠᠨ ᠬᠠᠷᠠᠵᠤ ᠪᠠᠶᠢᠭᠠᠳ ᠶᠠᠷᠢᠯᠴᠠᠬᠤ ᠶᠣᠰᠣᠲᠠᠢ᠃ ᠣᠶᠢᠯᠠᠭᠠᠯᠴᠠᠵᠤ ᠴᠢᠳᠠᠬᠤ ᠦᠭᠡᠢ ᠡᠴᠡ ᠠᠵᠢᠯ ᠬᠠᠶᠠᠵᠤ ᠪᠠᠶᠢᠨ᠎ᠠ᠃ ᠡᠷᠡᠭᠦᠯ ᠮᠡᠨᠳᠦ ᠶᠢᠨ ᠰᠠᠯᠪᠤᠷᠢ ᠳᠤ ᠠᠬᠢᠴᠠ ᠭᠠᠷᠴᠤ᠂ ᠡᠷᠬᠡᠲᠡᠨ ᠰᠢᠯᠵᠢᠭᠦᠯᠬᠦ  ᠬᠠᠭᠠᠯᠤᠭ᠎ᠠ ᠶᠢ ᠮᠣᠩᠭᠣᠯ ᠳᠤ ᠪᠠᠨ ᠬᠢᠳᠡᠭ ᠪᠣᠯᠤᠭᠰᠠᠨ ᠴᠤ  ᠠᠶᠢᠽ᠂ ᠪᠡᠯᠭᠡ ᠶᠢᠨ ᠵᠠᠮ ᠤᠨ ᠬᠠᠯᠳᠠᠪᠤᠷᠢᠲᠤ ᠡᠪᠡᠳᠴᠢᠨ ᠢ ᠲᠣᠭᠣᠬᠤ ᠦᠭᠡᠢ ᠥᠩᠭᠡᠷᠡᠭᠡᠵᠦ ᠪᠣᠯᠬᠤ ᠦᠭᠡᠢ᠃ ᠤᠯᠤᠰ ᠤᠨ ᠶᠡᠬᠡ ᠬᠤᠷᠠᠯ ᠠᠴᠠ ᠪᠠᠲᠤᠯᠠᠭᠰᠠᠨ ᠬᠠᠤᠯᠢ ᠨᠤᠭᠤᠳ ᠤᠨ ᠬᠡᠷᠡᠭᠵᠢᠯᠲᠡ ᠬᠠᠩᠭᠠᠯᠲᠠ ᠦᠭᠡᠢ ᠪᠠᠶᠢᠨ᠎ᠠ᠃ ᠨᠢᠭᠡ ᠵᠢᠱᠢᠶ᠎ᠡ ᠲᠠᠲᠠᠬᠤ ᠳᠤ  ︽ᠮᠠᠯ ᠠᠮᠢᠲᠠᠨ ᠤ ᠡᠷᠡᠭᠦᠯ ᠮᠡᠨᠳᠦ ᠶᠢᠨ ᠲᠤᠬᠠᠢ ︾ ᠬᠠᠤᠯᠢ ᠪᠠᠲᠤᠯᠠᠭᠳᠠᠭᠰᠠᠨ ᠴᠤ ᠠᠭᠧᠨᠲᠯᠢᠭ ᠪᠠᠶᠢᠭᠤᠯᠵᠤ ᠬᠡᠳᠦᠨ ᠳᠠᠷᠤᠭ᠎ᠠ ᠲᠣᠮᠢᠯᠠᠭᠰᠠᠨ ᠠᠴᠠ ᠦᠭᠡᠷ᠎ᠡ ᠵᠦᠢᠯ ᠬᠢᠭᠰᠡᠨ ᠦᠭᠡᠢ᠃ ᠡᠷᠡᠭᠦᠦ᠂ ᠵᠥᠷᠢᠴᠡᠯ ᠦᠨ ᠬᠠᠤᠯᠢ ᠳᠤ ᠪᠠᠭ᠎ᠠ ᠨᠠᠰᠤᠨ ᠤ ᠬᠡᠦᠬᠡᠳ ᠢ ᠬᠦᠴᠦᠷᠬᠡᠶᠢᠯᠡᠭᠰᠡᠨ ᠠᠰᠠᠭᠤᠳᠠᠯ ᠳᠤ ᠣᠨᠣᠭᠠᠬᠤ ᠶᠠᠯ᠎ᠠ ᠶᠢ ᠴᠢᠩᠭᠠᠳᠬᠠᠬᠤ ᠶᠣᠰᠣᠲᠠᠢ ᠭᠡᠪᠡ᠃
ᠡᠶᠢᠨᠬᠦ ᠤᠯᠤᠰ ᠤᠨ ᠶᠡᠬᠡ ᠬᠤᠷᠠᠯ ᠤᠨ ᠨᠠᠮᠤᠷ ᠤᠨ ᠡᠭᠡᠯᠵᠢᠲᠦ ᠴᠢᠭᠤᠯᠭᠠᠨ ᠢ ᠨᠡᠭᠡᠭᠡᠯ᠎ᠡ᠃ ᠨᠡᠭᠡᠭᠡᠯᠲᠡ ᠶᠢᠨ ᠠᠵᠢᠯᠯᠠᠭᠠᠨ ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ᠂ ᠶᠡᠷᠦᠩᠬᠡᠢ ᠰᠠᠶᠢᠳ ᠤ᠊∙ᠬᠦᠷᠡᠯᠰᠦ᠋ᠬᠡ ᠤᠷᠤᠯᠴᠠᠪᠠ᠃
ᠶᠡᠷᠦᠩᠬᠡᠶᠢᠯᠡᠭᠴᠢ ᠬ∙ᠪᠠᠲᠤᠲᠤᠯᠭ᠎ᠠ᠄ ᠤᠯᠤᠰ ᠤᠨ ᠶᠡᠬᠡ ᠬᠤᠷᠠᠯ ᠤᠨ ᠰᠣᠩᠭᠣᠭᠤᠯᠢ  ᠶᠢᠨ ᠮᠥᠴᠡᠯᠭᠡ ᠲᠠᠯ᠎ᠠ ᠳᠤ ᠪᠠᠨ ᠣᠷᠣᠵᠤ᠂ ᠲᠠ ᠪᠦᠬᠦᠨ ᠦ ᠠᠮᠠᠯᠠᠯᠲᠠ ᠶᠢᠨ ᠲᠠᠯ᠎ᠠ ᠨᠢ ᠴᠤ ᠪᠣᠯᠲᠤᠭᠠᠢ ᠪᠡᠶᠡᠯᠡᠭᠰᠡᠨ ᠪᠠᠶᠢᠬᠤ ᠶᠣᠰᠣᠲᠠᠢ ᠴᠠᠭ ᠦᠶ᠎ᠡ ᠳᠦ ᠴᠢᠭᠤᠯᠭᠠᠨ ᠡᠬᠢᠯᠡᠵᠦ ᠪᠠᠶᠢᠨ᠎ᠠ᠃ ᠬᠠᠷᠠᠮᠰᠠᠯᠲᠠᠢ ᠨᠢ᠂ ᠡᠨᠳᠡ ᠡᠴᠡ ᠭᠠᠷᠤᠭᠰᠠᠨ ᠰᠢᠢᠳᠪᠦᠷᠢ ᠬᠡᠷᠡᠭᠵᠢᠬᠦ ᠦᠭᠡᠢ᠂ ᠬᠠᠷᠢᠭᠤᠴᠠᠯᠭ᠎ᠠ ᠦᠭᠡᠢ᠂ ᠢᠳᠡᠪᠬᠢ ᠰᠠᠨᠠᠭᠠᠴᠢᠯᠭ᠎ᠠ ᠦᠭᠡᠢ ᠪᠠᠶᠢᠳᠠᠯ ᠦᠷᠭᠦᠯᠵᠢᠯᠡᠭᠰᠡᠭᠡᠷ ᠃ ᠮᠣᠩᠭᠣᠯ ᠤᠯᠤᠰ ᠰᠢᠰᠲ᠋ᠧᠮ ᠦᠨ ᠬᠢᠮᠤᠷᠠᠯ ᠳᠤ ᠨᠡᠷᠪᠡᠭᠳᠡᠭᠰᠡᠨ ᠨᠢ ᠲᠣᠳᠣᠷᠬᠠᠢ ᠪᠣᠯᠵᠠᠢ᠃ ᠬᠦᠮᠦᠰ ᠲᠦ ᠪᠢᠰᠢ᠂ ᠨᠠᠮ ᠳᠤ ᠪᠢᠰᠢ ᠲᠣᠭᠲᠠᠯᠴᠠᠭᠠᠨ ᠳᠤ ᠪᠦᠬᠦ ᠠᠰᠠᠭᠤᠳᠠᠯ ᠪᠠᠶᠢᠨ᠎ᠠ᠃  ︽60 ᠲᠡᠷᠪᠤᠮ ᠍ ᠤᠨ ᠠᠰᠠᠭᠤᠳᠠᠯ》 ᠢᠶᠠᠷ ᠡᠭᠡᠯᠵᠢᠲᠦ ᠪᠤᠰᠤ ᠴᠢᠭᠤᠯᠭᠠᠨ ᠵᠠᠷᠯᠠᠬᠤ ᠶᠢ ᠬᠦᠰᠡᠭᠰᠡᠨ᠃ ᠶᠡᠷᠦᠩᠬᠡᠶᠢᠯᠡᠭᠴᠢ ᠡᠭᠡᠯᠵᠢᠲᠦ ᠪᠤᠰᠤ ᠴᠢᠭᠤᠯᠭᠠᠨ ᠵᠠᠷᠯᠠᠬᠤ ᠬᠣᠶᠠᠷ ᠨᠥᠬᠥᠴᠡᠯ ᠦᠨ ᠲᠠᠯ᠎ᠠ ᠪᠠᠷ ᠬᠠᠤᠯᠢ ᠳᠤ ᠵᠢᠭᠠᠭᠰᠠᠨ ᠪᠠᠶᠢᠳᠠᠭ᠃ ᠬᠠᠤᠯᠢ ᠲᠣᠭᠲᠠᠭᠠᠬᠤ ᠳᠡᠭᠡᠳᠦ ᠪᠠᠶᠢᠭᠤᠯᠤᠯᠭ᠎ᠠ ᠨᠢ ᠬᠠᠤᠯᠢ ᠪᠠᠨ ᠬᠡᠷᠡᠭᠵᠢᠭᠦᠯᠬᠦ ᠦᠭᠡᠢ ᠪᠠᠶᠢᠨ᠎ᠠ᠃ ᠮᠣᠩᠭᠣᠯ ᠤᠨ ᠲᠥᠷᠥ ᠬᠠᠷᠢᠭᠤᠴᠠᠯᠭ᠎ᠠ ᠶᠢᠨ ᠬᠢᠮᠤᠷᠠᠯ ᠳᠤ ᠪᠦᠷᠢᠨ ᠥᠷᠲᠦᠭᠰᠡᠨ ᠪᠠᠶᠢᠨ᠎ᠠ᠃ ᠢᠷᠭᠡᠳ ᠡᠴᠡ ︽ᠡᠨᠡ ᠪᠣᠯᠬᠤ ᠦᠭᠡᠢ︾ ᠪᠠᠶᠢᠨ᠎ᠠ ᠭᠡᠳ ᠭᠣᠮᠣᠳᠠᠯ ᠭᠠᠷᠭᠠᠬᠤ ᠳᠤ ᠰᠢᠢᠳᠪᠦᠷᠢ ᠭᠠᠷᠭᠠᠬᠤ ᠴᠢᠳᠠᠪᠤᠷᠢ ᠲᠠᠢ ᠪᠠᠶᠢᠬᠤ ᠶᠢ ᠬᠠᠷᠢᠭᠤᠴᠠᠯᠭ᠎ᠠ ᠭᠡᠳᠡᠭ᠃ ᠭᠡᠲᠡᠯ᠎ᠡ ᠵᠠᠰᠠᠭ ᠤᠨ ᠭᠠᠵᠠᠷ᠂ ᠫᠠᠷᠯᠠᠮᠧᠨᠲ ᠨᠢ ᠥᠪᠡᠷᠰᠡᠳ ᠢᠶᠡᠨ ᠬᠢᠮᠤᠷᠠᠯ ᠳᠤ ᠣᠷᠣᠭᠠᠳ ᠪᠠᠶᠢᠨ᠎ᠠ᠃ ᠢᠷᠭᠡᠳ ᠦᠨ ᠤᠯᠤᠰ ᠤᠨ ᠶᠡᠬᠡ ᠬᠤᠷᠠᠯ ᠳᠦ ᠢᠲᠡᠭᠡᠬᠦ ᠢᠲᠡᠭᠡᠯ 3.3 ᠬᠤᠪᠢ᠂ ᠵᠠᠰᠠᠭ ᠤᠨ ᠭᠠᠵᠠᠷ ᠲᠤ ᠢᠲᠡᠭᠡᠬᠦ ᠢᠲᠡᠭᠡᠯ 4.6 ᠬᠤᠪᠢ ᠪᠠᠶᠢᠨ᠎ᠠ᠃ ᠠᠪᠬᠤ ᠶᠣᠰᠣᠲᠠᠢ 10 ᠤᠨᠤᠭ᠎ᠠ ᠠᠴᠠ ᠳᠤᠮᠳᠠᠴᠢ ᠠᠴᠠ ᠳᠤᠭᠤᠤᠷ ᠣᠨᠣᠭ᠎ᠠ ᠠᠪᠴᠤ ᠪᠠᠶᠢᠭ᠎ᠠ ᠨᠢ ᠡᠶᠢᠮᠦ ᠪᠠᠶᠢᠳᠠᠯ ᠳᠤ ᠬᠦᠷᠭᠡᠵᠦ ᠪᠠᠶᠢᠨ᠎ᠠ᠃ ᠨᠡᠩ ᠶᠠᠭᠠᠷᠠᠯ ᠲᠠᠢ ᠰᠢᠨᠡᠴᠢᠯᠡᠯ ᠬᠢᠬᠦ ᠶᠢ ᠪᠢ ᠤᠷᠢᠶᠠᠯᠠᠵᠤ ᠪᠠᠶᠢᠨ᠎ᠠ᠃ ᠦᠨᠳᠦᠰᠦᠨ ᠬᠠᠤᠯᠢ ᠶᠢ ᠪᠦᠬᠦ ᠠᠷᠠᠳ ᠨᠡᠶᠢᠲᠡ ᠶᠢᠨ ᠣᠷᠣᠯᠴᠠᠭ᠎ᠠ ᠲᠠᠢ ᠪᠠᠷ ᠪᠠᠲᠤᠯᠠᠨ ᠭᠠᠷᠭᠠᠶ᠎ᠠ᠃ ᠰᠢᠨ᠎ᠡ ᠦᠨᠳᠦᠰᠦᠨ ᠬᠠᠤᠯᠢ ᠮᠠᠨᠢ ᠮᠣᠩᠭᠣᠯ ᠤᠨ ᠪᠠᠶᠠᠯᠢᠭ ᠢ ᠬᠤᠪᠢᠶᠠᠵᠤ ᠠᠪᠤᠭᠰᠠᠨ ᠨᠡᠶᠢᠭᠡᠮ ᠤᠨ ᠬᠡᠲᠦ ᠴᠥᠭᠡᠩᠬᠢ ᠶᠢᠨ ᠬᠦᠴᠦ ᠶᠢ ᠲᠠᠰᠤᠯᠬᠤ ᠶᠣᠰᠣᠲᠠᠢ᠃
ᠲ᠂ ᠳᠠᠸᠠᠨᠢᠮ᠎ᠠ

ᠰᠡᠳᠬᠢᠭᠳᠡᠯ ᠦᠯᠡᠳᠡᠭᠡᠬᠦ