ᠠᠷᠪᠠᠶᠢᠬᠡᠬᠡᠷ ᠳᠦ ᠮᠢᠬᠠᠨ ᠤ ᠬᠤᠶᠠᠳᠠᠬᠢ ᠦᠢᠯᠡᠳᠪᠦᠷᠢ ᠠᠰᠢᠭᠯᠠᠯᠲᠠ ᠳᠤ ᠣᠷᠣᠯ᠎ᠠ | News.MN

ᠠᠷᠪᠠᠶᠢᠬᠡᠬᠡᠷ ᠳᠦ ᠮᠢᠬᠠᠨ ᠤ ᠬᠤᠶᠠᠳᠠᠬᠢ ᠦᠢᠯᠡᠳᠪᠦᠷᠢ ᠠᠰᠢᠭᠯᠠᠯᠲᠠ ᠳᠤ ᠣᠷᠣᠯ᠎ᠠ

ᠠᠷᠪᠠᠶᠢᠬᠡᠬᠡᠷ ᠬᠤᠲᠠ ᠳᠤ ᠮᠢᠬᠠᠨ ᠤ ᠬᠤᠶᠠᠳᠠᠬᠢ ᠲᠣᠮᠣᠬᠠᠨ ᠦᠢᠯᠡᠳᠪᠦᠷᠢ ᠶᠢᠰᠦᠳᠦᠭᠡᠷ ᠰᠠᠷ᠎ᠠ ᠶᠢᠨ 27  ᠳᠤ ᠨᠡᠭᠡᠭᠡᠯᠲᠡ ᠪᠡᠨ ᠬᠢᠯ᠎ᠡ᠃ ︽ᠳᠡᠭᠡᠵᠢ ᠶᠢᠨ ᠥᠷᠭᠥᠭᠡ︾  ᠶᠢᠨ ᠬᠥᠷᠥᠩᠭᠡ ᠣᠷᠣᠭᠤᠯᠤᠯᠲᠠ ᠪᠠᠷ ᠪᠠᠷᠢᠭᠳᠠᠭᠰᠠᠨ ᠮᠢᠬᠠᠨ ᠤ ᠦᠢᠯᠡᠳᠪᠦᠷᠢ ᠠᠰᠢᠭᠯᠠᠯᠲᠠ ᠳᠤ ᠣᠷᠣᠭᠰᠠᠨ ᠢᠶᠠᠷ ᠣᠷᠣᠨ ᠨᠤᠲᠤᠭ ᠠᠴᠠ 50 ᠣᠷᠴᠢᠮ ᠬᠦᠮᠦᠨ ᠢ ᠠᠵᠢᠯ ᠤᠨ ᠪᠠᠶᠢᠷᠢ ᠪᠠᠷ ᠬᠠᠩᠭᠠᠬᠤ ᠶᠢᠨ ᠵᠡᠷᠭᠡᠴᠡᠭᠡ ᠮᠠᠯᠴᠢᠳ ᠲᠤ ᠮᠠᠯ ᠢᠶᠠᠨ ᠪᠣᠷᠣᠯᠠᠭᠤᠯᠬᠤ ᠪᠣᠯᠤᠮᠵᠢ ᠨᠡᠭᠡᠭᠡᠭᠳᠡᠵᠦ ᠪᠠᠶᠢᠭ᠎ᠠ ᠶᠤᠮ᠃ ᠡᠳᠦᠷ ᠲᠦ 60 ᠪᠣᠳᠠ᠂ 600 ᠪᠣᠭ ᠮᠠᠯ ᠨᠢᠳᠤᠯᠬᠤ ᠬᠦᠴᠦᠨ ᠴᠢᠳᠠᠯ ᠲᠠᠢ᠂  ᠲᠡᠭ ᠡᠴᠡ ᠳᠤᠭᠤᠭᠰᠢ 45 ᠭᠷᠡᠳᠦ᠋ᠰ ᠲᠦ ᠭᠦᠨ ᠬᠥᠯᠳᠡᠭᠡᠬᠦ ᠲᠥᠬᠥᠭᠡᠷᠦᠮᠵᠢ᠂ 450 ᠲᠣᠨ ᠮᠢᠬ᠎ᠠ ᠬᠠᠳᠠᠭᠠᠯᠠᠬᠤ ᠵᠣᠭᠣᠷᠢ ᠲᠠᠢ ᠦᠢᠯᠡᠳᠪᠦᠷᠢ  ᠶᠤᠮ᠃ ᠥᠩᠭᠡᠷᠡᠭᠰᠡᠨ ᠣᠨ ᠳᠤ ᠥᠪᠦᠷᠬᠠᠩᠭᠠᠢ ᠠᠶᠢᠮᠠᠭ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠭᠦᠢᠵᠸᠤ ᠮᠤᠵᠢ ᠶᠢᠨ ᠮᠢᠬ᠎ᠠ ᠦᠢᠯᠡᠳᠪᠦᠷᠢᠯᠡᠭᠴᠢ ᠬᠣᠯᠪᠣᠭ᠎ᠠ ᠪᠣᠯᠤᠨ ᠠᠮᠧᠷᠢᠺᠠ ᠶᠢᠨ ᠮᠢᠬᠠᠨ ᠤ ᠦᠢᠯᠡᠳᠪᠦᠷᠢᠯᠡᠯ ᠦᠨ ᠲᠣᠨᠣᠭ ᠲᠥᠬᠥᠭᠡᠷᠦᠮᠵᠢ ᠶᠢᠨ ᠨᠡᠶᠢᠯᠡᠭᠦᠯᠦᠭᠴᠢ ᠲᠣᠮᠣᠬᠠᠨ ᠺᠣᠮᠫᠠᠨᠢ ᠲᠠᠢ ᠬᠠᠮᠲᠤᠷᠠᠵᠤ᠂ ︽ᠥᠪ ᠮᠢᠢᠲ︾ ᠮᠢᠬ᠎ᠠ ᠪᠣᠯᠪᠠᠰᠤᠷᠠᠭᠤᠯᠬᠤ ᠦᠢᠯᠡᠳᠪᠦᠷᠢ ᠶᠢ ᠪᠠᠶᠢᠭᠤᠯᠤᠭᠰᠠᠨ ᠪᠢᠯᠡ᠃
ᠪ∙ᠪᠠᠲᠤᠴᠢᠮᠡᠭ

ᠰᠡᠳᠬᠢᠭᠳᠡᠯ ᠦᠯᠡᠳᠡᠭᠡᠬᠦ