ᠡᠮᠡᠭᠲᠡᠢ ᠰᠢᠲᠠᠷᠠᠴᠢᠳ ᠲᠡᠷᠢᠭᠦᠯᠡᠭᠴᠢᠳ ᠦᠨ ᠡᠩᠨᠡᠭᠡᠨ ᠳᠦ ᠪᠢᠴᠢᠭᠳᠡᠵᠦ ᠪᠠᠶᠢᠨ᠎ᠠ | News.MN

ᠡᠮᠡᠭᠲᠡᠢ ᠰᠢᠲᠠᠷᠠᠴᠢᠳ ᠲᠡᠷᠢᠭᠦᠯᠡᠭᠴᠢᠳ ᠦᠨ ᠡᠩᠨᠡᠭᠡᠨ ᠳᠦ ᠪᠢᠴᠢᠭᠳᠡᠵᠦ ᠪᠠᠶᠢᠨ᠎ᠠ

ᠡᠮᠡᠭᠲᠡᠢ ᠪᠠᠭ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠠᠮᠧᠷᠢᠺᠠ ᠶᠢᠨ ᠨᠢᠭᠡᠳᠦᠭᠰᠡᠨ ᠤᠯᠤᠰ᠂ ᠦᠺᠷᠠᠶᠢᠨ᠂ ᠠᠷᠮᠸᠨᠢᠶ᠎ᠠ᠂  ᠭᠷᠦᠽᠢᠶ᠎ᠡ ᠶᠢᠨ ᠨᠢᠭᠡᠳᠦᠭᠡᠷ ᠪᠠᠭ ᠲᠠᠢ ᠠᠳᠠᠯᠢ 4 ᠬᠣᠵᠢᠯ ᠲᠠᠢ ᠲᠡᠷᠢᠭᠦᠯᠡᠭᠴᠢᠳ ᠦᠨ ᠡᠩᠨᠡᠭᠡᠨ ᠳᠦ ᠪᠢᠴᠢᠭᠳᠡᠵᠦ ᠪᠠᠶᠢᠨ᠎ᠠ᠃ ᠳᠡᠯᠡᠬᠡᠢ ᠶᠢᠨ 43  ᠳ᠋ᠡᠬᠢ ᠤᠳᠠᠭ᠎ᠠ ᠶᠢᠨ ᠰᠢᠲᠠᠷ᠎ᠠ ᠶᠢᠨ ᠣᠯᠢᠮᠫᠢᠶᠠᠳ᠋ ᠭᠷᠦᠽᠢᠶ᠎ᠡ ᠶᠢᠨ ᠨᠡᠶᠢᠰᠯᠡᠯ ᠳᠦ ᠪᠣᠯᠵᠤ ᠪᠠᠶᠢᠨ᠎ᠠ᠃ ᠡᠨᠡ ᠰᠠᠷ᠎ᠠ ᠶᠢᠨ 23 ᠍ ᠤ ᠡᠳᠦᠷ ᠡᠬᠢᠯᠡᠭᠰᠡᠨ ᠣᠯᠢᠮᠫᠢᠶᠠᠳ᠋ ᠍ ᠲᠤ ᠨᠡᠭᠡᠭᠡᠯᠲᠡᠲᠡᠢ ᠪᠤᠶᠤ ᠡᠷᠡᠭᠲᠡᠶᠢᠴᠦᠳ ᠦᠨ ᠠᠩᠭᠢᠯᠠᠯ ᠳᠤ 185᠂ ᠡᠮᠡᠭᠲᠡᠶᠢᠴᠦᠳ ᠦᠨ ᠠᠩᠭᠢᠯᠠᠯ ᠳᠤ 150 ᠣᠷᠣᠨ ᠤ ᠨᠡᠶᠢᠲᠡ 1700 ᠣᠷᠴᠢᠮ ᠰᠢᠲᠠᠷᠠᠴᠢᠨ ᠣᠷᠣᠯᠴᠠᠵᠤ ᠪᠠᠶᠢᠨ᠎ᠠ᠃
ᠴᠢᠨᠰᠠᠭᠠᠨ ᠤ 47 ᠳ᠋ᠤᠭᠠᠷ ᠲᠤ ᠡᠷᠡᠮᠪᠡᠯᠡᠭᠳᠡᠭᠰᠡᠨ ᠮᠣᠩᠭᠣᠯ ᠤᠯᠤᠰ ᠤᠨ ᠡᠷᠡᠭᠲᠡᠢ ᠪᠠᠭ ᠤᠨ ᠪᠦᠷᠢᠯᠳᠦᠬᠦᠨ ᠳᠦ ᠼ∙ᠪᠠᠲᠤᠴᠢᠯᠠᠭᠤᠨ᠂ ᠭ∙ᠮᠥᠩᠬᠡᠭᠠᠯ᠂ ᠨ ∙ ᠪᠠᠲᠤᠲᠤᠯᠭ᠎ᠠ᠂ ᠰ∙ᠪᠢᠯᠢᠭᠦᠨ᠂ ᠤ᠊∙ ᠨᠠᠰᠤᠨᠵᠢᠷᠭᠠᠯ ᠨᠠᠷ  ᠪᠠᠭᠲᠠᠭᠰᠠᠨ᠃ ᠪᠠᠭ ᠤᠨ ᠳᠠᠰᠬᠠᠯᠵᠢᠭᠤᠯᠤᠭᠴᠢ ᠪᠠᠷ ᠪ∙ ᠬᠠᠲᠠᠨᠪᠠᠭᠠᠲᠤᠷ ᠠᠵᠢᠯᠯᠠᠵᠤ ᠪᠠᠶᠢᠨ᠎ᠠ᠃ 17 ᠳ᠋ᠤᠭᠠᠷ ᠲᠤ ᠡᠷᠡᠮᠪᠡᠯᠡᠭᠳᠡᠭᠰᠡᠨ ᠡᠮᠡᠭᠲᠡᠢ ᠪᠠᠭ ᠲᠤ ᠪ∙ᠮᠦᠩᠭᠦᠨᠲᠤᠤᠯᠠ᠂ ᠳ∙ᠨᠣᠮᠢᠨ-ᠡᠷᠳᠡᠨᠢ᠂ ᠲ∙ᠪᠠᠲᠤᠴᠢᠮᠠᠩ᠂ ᠳ∙ᠶᠠᠩᠵᠢᠨᠳᠤᠯᠮ᠎ᠠ᠂ ᠲ∙ᠮᠦᠩᠬᠡᠵᠤᠯᠠ ᠨᠠᠷ ᠪᠠᠭᠲᠤᠭᠰᠠᠨ᠃ ᠳᠠᠰᠬᠠᠯᠵᠢᠭᠤᠯᠤᠭᠴᠢ ᠪᠠᠷ ᠰ᠂ ᠭᠠᠩ ᠤᠳᠤ ᠂ ᠼ∙ᠪᠠᠲᠤᠰᠠᠶᠢᠬᠠᠨ ᠨᠠᠷ ᠠᠵᠢᠯᠯᠠᠵᠤ ᠪᠠᠶᠢᠨ᠎ᠠ᠃ ᠮᠣᠩᠭᠣᠯ ᠤᠯᠤᠰ ᠤᠨ ᠪᠠᠭ ᠤᠨ ᠠᠬᠠᠯᠠᠭᠴᠢ ᠪᠠᠷ ᠰᠢᠲᠠᠷ᠎ᠠ ᠶᠢᠨ ᠬᠣᠯᠪᠣᠭᠠᠨ ᠤ ᠭᠦᠢᠴᠡᠳᠭᠡᠬᠦ ᠵᠠᠬᠢᠷᠤᠯ ᠼ∙ᠴᠣᠭᠪᠠᠶᠠᠷ ᠠᠵᠢᠯᠯᠠᠵᠤ ᠪᠠᠶᠢᠭ᠎ᠠ ᠪᠣᠯ ᠤᠯᠤᠰ ᠤᠨ ᠶᠡᠬᠡ ᠬᠤᠷᠠᠯ ᠤᠨ ᠭᠡᠰᠢᠭᠦᠨ ᠳ∙ᠯᠦᠩᠳᠦᠭᠵᠡᠯᠰᠡᠨ ᠪᠠᠭ ᠲᠠᠮᠢᠷᠴᠢᠳ ᠢᠶᠠᠨ ᠳᠡᠮᠵᠢᠬᠦ ᠪᠡᠷ ᠭᠷᠦᠽᠢᠶ᠎ᠡ ᠳᠦ ᠣᠴᠢᠵᠠᠢ᠃
ᠮ ᠂ ᠠᠮᠤᠷᠵᠢᠷᠭᠠᠯ

ᠰᠡᠳᠬᠢᠭᠳᠡᠯ ᠦᠯᠡᠳᠡᠭᠡᠬᠦ