《ᠠᠯᠲᠠᠨ ᠨᠠᠮᠤᠷ-2018》ᠥᠰᠪᠦᠷᠢ ᠶᠢᠨ ᠰᠢᠲᠠᠷᠠᠴᠢᠳ ᠤᠨ ᠲᠡᠮᠡᠴᠡᠭᠡᠨ ᠪᠣᠯᠤᠨ᠎ᠠ | News.MN

《ᠠᠯᠲᠠᠨ ᠨᠠᠮᠤᠷ-2018》ᠥᠰᠪᠦᠷᠢ ᠶᠢᠨ ᠰᠢᠲᠠᠷᠠᠴᠢᠳ ᠤᠨ ᠲᠡᠮᠡᠴᠡᠭᠡᠨ ᠪᠣᠯᠤᠨ᠎ᠠ

《ᠬᠣᠣᠰ ᠮᠠᠰᠲ᠋ᠸᠷ》 ᠰᠢᠲᠠᠷ᠎ᠠ ᠶᠢᠨ ᠠᠺᠠᠳᠧᠮᠢ ᠠᠴᠠ ᠡᠨᠡ ᠠᠮᠠᠷᠠᠯᠲᠠ ᠶᠢᠨ ᠡᠳᠦᠷ ᠦᠳ ᠲᠦ ᠥᠰᠪᠦᠷᠢ ᠶᠢᠨ ᠰᠢᠲᠠᠷᠠᠴᠢᠳ ᠤᠨ ︽ᠠᠯᠲᠠᠨ ᠨᠠᠮᠤᠷ-2018︾ ᠲᠡᠮᠡᠴᠡᠭᠡᠨ ᠢ ᠵᠣᠬᠢᠶᠠᠨ ᠪᠠᠶᠢᠭᠤᠯᠤᠨ᠎ᠠ᠃ ᠲᠡᠮᠡᠴᠡᠭᠡᠨ ᠲᠤᠰ ᠠᠺᠠᠳᠧᠮᠢ ᠶᠢᠨ ᠪᠠᠶᠢᠷᠢᠨ ᠳᠤ ᠵᠣᠬᠢᠶᠠᠨ ᠪᠠᠶᠢᠭᠤᠯᠤᠭᠳᠠᠬᠤ ᠪᠥᠭᠡᠳ 8᠂ 10᠂ 12᠂ 13-18 ᠨᠠᠰᠤᠨ ᠤ ᠠᠩᠭᠢᠯᠠᠯ ᠢᠶᠠᠷ ᠡᠷᠡᠭᠲᠡᠢ᠂ ᠡᠮᠡᠭᠲᠡᠢ ᠰᠢᠲᠠᠷᠠᠴᠢᠳ ᠢ ᠨᠢᠭᠡ ᠠᠩᠭᠢᠯᠠᠯ ᠳᠤ ᠲᠣᠭᠯᠠᠭᠤᠯᠤᠨ ᠱᠠᠩᠨᠠᠯ ᠢ ᠲᠤᠰ ᠲᠤᠰ ᠲᠤ ᠨᠢ ᠣᠯᠭᠣᠬᠤ ᠠᠵᠠᠢ᠃ ᠤᠷᠤᠯᠳᠤᠭᠠᠨ ᠢ ᠰᠸᠢᠰ ᠰᠢᠰᠲ᠋ᠧᠮ ᠢᠶᠡᠷ 7 ᠥᠷᠥᠭ ᠲᠣᠭᠯᠠᠵᠤ᠂ ᠥᠷᠥᠭ ᠨᠢᠭᠡ ᠲᠠᠯ᠎ᠠ ᠳᠤ ᠪᠠᠨ 1 ᠴᠠᠭ ᠪᠤᠶᠤ ᠨᠡᠶᠢᠲᠡ ᠳᠦ ᠪᠡᠨ 2 ᠴᠠᠭ ᠲᠤ ᠪᠠᠭᠲᠠᠵᠤ ᠳᠠᠭᠤᠰᠬᠤ ᠠᠵᠡᠢ᠃ ᠤᠭ ᠲᠡᠮᠡᠴᠡᠭᠡᠨ ᠦ ᠵᠣᠷᠢᠯᠭ᠎ᠠ ᠨᠢ ᠥᠰᠪᠦᠷᠢ ᠶᠢᠨ ᠰᠢᠲᠠᠷᠠᠴᠢᠳ ᠤᠨ ᠤᠷ᠎ᠠ ᠴᠢᠳᠠᠪᠤᠷᠢ ᠶᠢ ᠳᠡᠭᠡᠭᠰᠢᠯᠡᠭᠦᠯᠬᠦ᠂ ᠬᠠᠷᠢᠯᠴᠠᠨ ᠰᠤᠷᠤᠯᠴᠠᠬᠤ᠂ ᠲᠦᠪᠰᠢᠨ ᠢᠶᠡᠨ ᠠᠬᠢᠭᠤᠯᠬᠤ᠂ ᠮᠡᠳᠡᠯᠭᠡ᠂ ᠲᠤᠷᠰᠢᠯᠭ᠎ᠠ ᠪᠠᠨ ᠨᠡᠮᠡᠭᠳᠡᠭᠦᠯᠬᠦ ᠳᠦ ᠣᠷᠣᠰᠢᠵᠤ ᠪᠠᠶᠢᠨ᠎ᠠ᠃
ᠭ᠂ ᠢᠲᠡᠭᠡᠯ

ᠰᠡᠳᠬᠢᠭᠳᠡᠯ ᠦᠯᠡᠳᠡᠭᠡᠬᠦ