ᠠᠮᠧᠷᠢᠺᠠ ᠳᠦ ᠦᠵᠡᠭᠦᠯᠬᠦ ᠪᠤᠴᠠᠯᠲᠠ ᠦᠭᠡᠢ ᠲᠤᠰᠠᠯᠠᠮᠵᠢ ᠶᠢ ᠨᠥᠭᠡᠴᠡ ᠰᠠᠩ ᠠᠴᠠ ᠭᠠᠷᠭᠠᠨ᠎ᠠ | News.MN

ᠠᠮᠧᠷᠢᠺᠠ ᠳᠦ ᠦᠵᠡᠭᠦᠯᠬᠦ ᠪᠤᠴᠠᠯᠲᠠ ᠦᠭᠡᠢ ᠲᠤᠰᠠᠯᠠᠮᠵᠢ ᠶᠢ ᠨᠥᠭᠡᠴᠡ ᠰᠠᠩ ᠠᠴᠠ ᠭᠠᠷᠭᠠᠨ᠎ᠠ

ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ᠬᠦᠷᠡᠯᠰᠦ᠋ᠬᠡ ᠡᠨᠡ ᠰᠠᠷ᠎ᠠ ᠶᠢᠨ 19 ᠍ ᠦ ᠡᠳᠦᠷ ᠠᠮᠧᠷᠢᠺᠠ ᠶᠢᠨ ᠳᠡᠳ᠋ ᠶᠡᠷᠦᠩᠬᠡᠶᠢᠯᠡᠭᠴᠢ ᠮ∙ᠫᠸᠩᠰ ᠲᠡᠢ ᠠᠭᠤᠯᠵᠠᠵᠤ ᠬᠠᠷᠢᠯᠴᠠᠭ᠎ᠠ᠂ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠶᠠᠷᠢᠯᠴᠠᠭᠰᠠᠨ᠃ ᠲᠡᠷᠡ  ᠪᠡᠷ ᠲᠤᠰ ᠤᠯᠤᠰ ᠤᠨ ᠤᠮᠠᠷᠠᠳᠤ ᠪᠣᠯᠤᠨ ᠡᠮᠦᠨᠡᠲᠦ ᠺᠠᠷᠣᠯᠢᠨ᠂ ᠸᠢᠷᠵᠢᠨ᠎ᠠ ᠮᠤᠵᠢ ᠳᠤ ᠪᠣᠯᠤᠭᠰᠠᠨ ︽ᠹᠯᠣᠷᠧᠨᠰ︾ ᠬᠠᠷ᠎ᠠ ᠰᠢᠭᠤᠷᠭᠠᠨ ᠳᠤ ᠣᠯᠠᠨ ᠬᠦᠮᠦᠨ ᠠᠮᠢ ᠨᠠᠰᠤ ᠪᠠᠨ ᠠᠯᠳᠠᠵᠤ᠂ ᠡᠳ᠋ ᠮᠠᠲ᠋ᠧᠷᠢᠶᠠᠯ ᠤᠨ ᠶᠡᠬᠡ ᠬᠡᠮᠵᠢᠶᠡᠨ ᠦ ᠬᠣᠬᠢᠷᠠᠯ ᠤᠴᠠᠷᠠᠭᠰᠠᠨ ᠳᠤ ᠵᠠᠰᠠᠭ ᠤᠨ ᠭᠠᠵᠠᠷ᠂ ᠮᠣᠩᠭᠣᠯ ᠤᠨ ᠠᠷᠠᠳ ᠲᠦᠮᠡᠨ ᠦ ᠡᠮᠦᠨ᠎ᠡ ᠡᠴᠡ ᠡᠮᠭᠡᠨᠢᠯ ᠢᠯᠡᠷᠬᠡᠶᠢᠯᠡᠵᠦ᠂ 100 ᠮᠢᠩᠭᠠᠨ ᠳ᠋ᠣᠯᠯᠠᠷ ᠤᠨ ᠪᠤᠴᠠᠯᠲᠠ ᠦᠭᠡᠢ ᠲᠤᠰᠠᠯᠠᠮᠵᠢ ᠦᠵᠡᠭᠦᠯᠬᠦ ᠪᠡᠨ ᠮᠡᠳᠡᠭᠳᠡᠭᠰᠡᠨ ᠶᠤᠮ᠃ ᠬᠦᠮᠦᠯᠢᠭ ᠦᠨ ᠲᠤᠰᠠᠯᠠᠮᠵᠢ ᠪᠠᠷ ᠣᠯᠭᠣᠬᠤ ᠲᠡᠮᠡᠭᠡᠨ ᠦ 1415 ᠰᠢᠷᠬᠡᠭ ᠨᠣᠣᠰᠣᠨ ᠬᠥᠨᠵᠢᠯᠡ ᠬᠤᠳᠠᠯᠳᠤᠨ ᠠᠪᠬᠤ᠂ ᠭᠠᠮᠰᠢᠭ ᠤᠨ ᠭᠤᠯᠤᠮᠲᠠ ᠳᠤ ᠬᠦᠷᠭᠡᠬᠦ ᠳᠦ ᠱᠠᠭᠠᠷᠳᠠᠭᠳᠠᠬᠤ ᠬᠥᠷᠥᠩᠭᠡ ᠶᠢ ᠨᠥᠭᠡᠴᠡ ᠬᠥᠷᠥᠩᠭᠡ ᠡᠴᠡ ᠭᠠᠷᠭᠠᠬᠤ ᠪᠠᠷ ᠵᠠᠰᠠᠭ ᠤᠨ ᠭᠠᠵᠠᠷ ᠤᠨ ᠬᠤᠷᠠᠯᠳᠤᠭᠠᠨ ᠠᠴᠠ ᠰᠢᠢᠳᠪᠦᠷᠢᠯᠡᠯ᠎ᠡ᠃
《ᠹᠯᠣᠷᠧᠨᠰ 》 ᠬᠠᠷ᠎ᠠ  ᠰᠠᠯᠬᠢᠨ ᠤ ᠤᠯᠠᠮ ᠠᠴᠠ 30 ᠭᠠᠷᠤᠢ ᠬᠦᠮᠦᠨ ᠠᠮᠢ ᠦᠷᠡᠭᠳᠡᠨ᠂ 500 ᠭᠠᠷᠤᠢ ᠮᠢᠩᠭᠠᠨ ᠢᠷᠭᠡᠨ᠂ ᠪᠢᠽᠢᠨᠧᠰ ᠡᠷᠬᠢᠯᠡᠭᠴᠢ ᠣᠷᠣᠨ ᠪᠠᠶᠢᠷᠢ ᠦᠭᠡᠢ ᠪᠣᠯᠵᠤ᠂ ᠤᠷᠢᠳᠴᠢᠯᠠᠭᠰᠠᠨ ᠪᠠᠶᠢᠳᠠᠯ ᠢᠶᠠᠷ 10 ᠲᠡᠷᠪᠤᠮ ᠳ᠋ᠣᠯᠯᠠᠷ ᠤᠨ ᠬᠣᠬᠢᠷᠠᠯ ᠤᠴᠠᠷᠠᠭᠠᠳ ᠪᠠᠶᠢᠨ᠎ᠠ ᠭᠡᠵᠦ ᠵᠠᠰᠠᠭ ᠤᠨ ᠭᠠᠵᠠᠷ ᠤᠨ ᠬᠡᠪᠯᠡᠯ ᠮᠡᠳᠡᠭᠡᠯᠡᠯ ᠣᠯᠠᠨ ᠨᠡᠶᠢᠲᠡ ᠲᠡᠢ ᠬᠠᠷᠢᠯᠴᠠᠬᠤ ᠬᠡᠯᠲᠡᠰ ᠡᠴᠡ ᠮᠡᠳᠡᠭᠡᠯᠡᠯ᠎ᠡ᠃
ᠠ᠊∙ᠲᠡᠭᠦᠯᠳᠡᠷ

ᠡᠬᠢ ᠰᠤᠷᠪᠤᠯᠵᠢ ᠄ iKon.mn

ᠰᠡᠳᠬᠢᠭᠳᠡᠯ ᠦᠯᠡᠳᠡᠭᠡᠬᠦ