《 ᠲᠠᠪᠤᠨᠲᠤᠯᠤᠭᠠᠢ》 ᠶᠢᠨ ᠲᠥᠯᠥᠭᠡᠯᠡᠨ ᠤᠳᠤᠷᠢᠳᠬᠤ ᠵᠥᠪᠯᠡᠯ ᠳᠦ ᠠᠩᠬᠠᠷᠤᠭᠤᠯᠭ᠎ᠠ ᠥᠭᠴᠡᠢ | News.MN

《 ᠲᠠᠪᠤᠨᠲᠤᠯᠤᠭᠠᠢ》 ᠶᠢᠨ ᠲᠥᠯᠥᠭᠡᠯᠡᠨ ᠤᠳᠤᠷᠢᠳᠬᠤ ᠵᠥᠪᠯᠡᠯ ᠳᠦ ᠠᠩᠬᠠᠷᠤᠭᠤᠯᠭ᠎ᠠ ᠥᠭᠴᠡᠢ

《ᠲᠠᠪᠤᠨᠲᠤᠯᠤᠭᠠᠢ》ᠺᠤᠮᠫᠠᠨᠢ ᠍ ᠲᠠᠢ ᠬᠣᠯᠪᠣᠭ᠎ᠠ ᠲᠠᠢ ᠢᠷᠭᠡᠨ ᠡᠴᠡ ᠢᠷᠡᠭᠦᠯᠦᠭᠰᠡᠨ ᠭᠣᠮᠣᠳᠠᠯ᠂ ᠮᠡᠳᠡᠭᠡᠯᠡᠯ ᠢ ᠠᠪᠯᠢᠭ᠎ᠠ ᠲᠠᠢ ᠲᠡᠮᠡᠴᠡᠬᠦ ᠭᠠᠵᠠᠷ ᠰᠢᠯᠭᠠᠵᠠᠢ᠃ ᠰᠢᠯᠭᠠᠯᠲᠠ ᠶᠢᠨ ᠶᠠᠪᠤᠴᠠ ᠳᠤ ᠬᠡᠳᠦ ᠬᠡᠳᠦᠨ ᠵᠥᠷᠢᠴᠡᠯ ᠲᠡᠢ ᠨᠥᠬᠥᠴᠡᠯ ᠪᠠᠶᠢᠳᠠᠯ ᠲᠣᠭᠲᠠᠭᠠᠭᠳᠠᠭᠰᠠᠨ ᠪᠠᠶᠢᠨ᠎ᠠ᠃ ᠲᠤᠬᠠᠶᠢᠯᠠᠪᠠᠯ᠂ 《ᠲᠠᠪᠤᠨᠲᠤᠯᠤᠭᠠᠢ》  ᠶᠢᠨ ᠲᠥᠯᠥᠭᠡᠯᠡᠨ ᠤᠳᠤᠷᠢᠳᠬᠤ ᠵᠥᠪᠯᠡᠯ ᠦᠨ ᠳᠠᠷᠤᠭ᠎ᠠ᠂ ᠭᠡᠰᠢᠭᠦᠳ᠂ ᠨᠠᠷᠢᠨ ᠪᠢᠴᠢᠭ ᠦᠨ ᠳᠠᠷᠤᠭ᠎ᠠ ᠶᠢ ᠲᠣᠮᠢᠯᠠᠬᠤ ᠳᠤ ᠪᠠᠨ ᠬᠤᠪᠢ  ᠶᠢᠨ ᠠᠰᠢᠭ ᠰᠣᠨᠢᠷᠬᠠᠯ ᠤᠨ ᠤᠷᠢᠳᠴᠢᠯᠠᠭᠰᠠᠨ ᠮᠡᠳᠡᠭᠦᠯᠭᠡ ᠶᠢ ᠬᠢᠨᠠᠭᠤᠯᠤᠭ᠎ᠠ ᠦᠭᠡᠢ ᠲᠣᠮᠢᠯᠠᠵᠠᠢ᠃ ᠡᠨᠡ ᠨᠢ  ︽ᠨᠡᠶᠢᠲᠡ ᠶᠢᠨ ᠠᠯᠪᠠᠨ ᠳᠤ ᠨᠡᠶᠢᠲᠡ ᠶᠢᠨ ᠪᠣᠯᠤᠨ ᠬᠤᠪᠢ  ᠶᠢᠨ ᠠᠰᠢᠭ ᠰᠣᠨᠢᠷᠬᠠᠯ ᠢ ᠵᠣᠬᠢᠴᠠᠭᠤᠯᠬᠤ᠂ ᠠᠰᠢᠭ ᠰᠣᠨᠢᠷᠬᠠᠯ ᠤᠨ ᠵᠥᠷᠢᠴᠡᠯ ᠡᠴᠡ ᠤᠷᠢᠳᠴᠢᠯᠠᠨ ᠰᠡᠷᠭᠡᠶᠢᠯᠡᠬᠦ ᠲᠤᠬᠠᠢ ︾ ᠬᠠᠤᠯᠢ ᠶᠢᠨ 23 ᠳ᠋ᠤᠭᠠᠷ ᠵᠦᠢᠯ ᠦᠨ 23.5 ᠳ᠋ᠡᠬᠢ ᠬᠡᠰᠡᠭ ᠲᠦ ︽ᠨᠡᠶᠢᠲᠡ ᠶᠢᠨ ᠠᠯᠪᠠᠨ ᠳᠤ ᠲᠣᠮᠢᠯᠠᠭᠳᠠᠬᠤ ᠪᠠᠷ ᠨᠡᠷ᠎ᠡ ᠳᠡᠪᠰᠢᠭᠰᠡᠨ ᠡᠲᠡᠭᠡᠳ ᠦᠨ ᠬᠤᠪᠢ  ᠶᠢᠨ ᠠᠰᠢᠭ ᠰᠣᠨᠢᠷᠬᠠᠯ ᠤᠨ ᠤᠷᠢᠳᠴᠢᠯᠠᠭᠰᠠᠨ ᠮᠡᠳᠡᠭᠦᠯᠭᠡ ᠶᠢ ᠲᠤᠮᠢᠯᠠᠬᠤ ᠡᠷᠬᠡ ᠪᠦᠬᠦᠢ ᠪᠠᠶᠢᠭᠤᠯᠤᠯᠭ᠎ᠠ᠂ ᠠᠯᠪᠠᠨ ᠲᠤᠰᠢᠶᠠᠯᠲᠠᠨ ᠬᠦᠯᠢᠶᠡᠨ ᠠᠪᠴᠤ  ᠠᠪᠯᠢᠭ᠎ᠠ ᠲᠠᠢ ᠲᠡᠮᠡᠴᠡᠬᠦ ᠭᠠᠵᠠᠷ ᠲᠤ ᠬᠦᠷᠭᠡᠭᠦᠯᠦᠨ᠎ᠡ︾ ᠭᠡᠵᠦ ᠵᠢᠭᠠᠭᠰᠠᠨ ᠢ ᠵᠥᠷᠢᠴᠡᠭᠰᠡᠨ ᠪᠠᠶᠢᠨ᠎ᠠ᠃
ᠮᠥᠨ ᠲᠤᠰ ᠺᠣᠮᠫᠠᠨᠢ ᠶᠢᠨ ᠮᠡᠳᠡᠭᠦᠯᠭᠡ ᠭᠠᠷᠭᠠᠬᠤ ᠡᠭᠦᠷᠭᠡ ᠪᠦᠬᠦᠢ ᠠᠯᠪᠠᠨ  ᠲᠤᠰᠢᠶᠠᠯᠲᠠᠨ ᠨᠤᠭᠤᠳ ᠨᠢ ᠬᠥᠷᠥᠩᠭᠡ ᠣᠷᠣᠯᠭ᠎ᠠ ᠶᠢᠨ ᠮᠡᠳᠡᠭᠦᠯᠭᠡ ᠥᠭᠭᠦᠭᠡ ᠦᠭᠡᠢ ᠠᠵᠠᠢ ᠃  ᠠᠪᠯᠢᠭ᠎ᠠ ᠶᠢᠨ  ᠡᠰᠡᠷᠭᠦ ᠬᠠᠤᠯᠢ ᠶᠢᠨ 4  ᠳ᠋ᠤᠭᠡᠷ ᠵᠦᠢᠯ ᠦᠨ 4.1.3 ᠍ ᠳᠦ ᠵᠢᠭᠠᠭᠰᠠᠨ ᠲᠥᠷᠥ ᠶᠢᠨ ᠪᠣᠯᠤᠨ ᠣᠷᠣᠨ ᠨᠤᠲᠤᠭ ᠤᠨ ᠥᠮᠴᠢᠲᠤ᠂ ᠲᠥᠷᠥ ᠶᠢᠨ ᠪᠣᠯᠤᠨ ᠣᠷᠣᠨ ᠨᠤᠲᠤᠭ ᠤᠨ ᠥᠮᠴᠢ ᠶᠢᠨ ᠣᠷᠣᠯᠴᠠᠭ᠎ᠠ ᠲᠠᠢ ᠬᠠᠤᠯᠢ ᠶᠢᠨ ᠡᠲᠡᠭᠡᠳ ᠦᠨ ᠤᠳᠤᠷᠢᠳᠬᠤ ᠪᠣᠯᠤᠨ ᠺᠣᠮᠫᠠᠨᠢ ᠶᠢᠨ ᠡᠷᠬᠡ ᠪᠦᠬᠦᠢ ᠠᠯᠪᠠᠨ ᠲᠤᠰᠢᠶᠠᠯᠲᠠᠨ ᠡᠨᠡ ᠬᠠᠤᠯᠢ ᠶᠢᠨ ᠦᠢᠯᠡᠴᠢᠯᠡᠯ ᠳᠦ ᠬᠠᠮᠢᠶᠠᠷᠤᠨ᠎ᠠ᠂ ᠮᠥᠨ ᠬᠠᠤᠯᠢ ᠶᠢᠨ 10 ᠳ᠋ᠤᠭᠠᠷ ᠵᠦᠢᠯ ᠦᠨ 10.1 ᠍ ᠳᠦ ᠡᠨᠡ ᠬᠠᠤᠯᠢ ᠶᠢᠨ 4.1 ᠍ ᠳᠦ ᠵᠢᠭᠠᠭᠰᠠᠨ ᠡᠲᠡᠭᠡᠳ ᠬᠥᠷᠥᠩᠭᠡ ᠣᠷᠣᠯᠭ᠎ᠠ ᠶᠢᠨ ᠮᠡᠳᠡᠭᠦᠯᠭᠡ ᠭᠠᠷᠭᠠᠨ᠎ᠠ ᠭᠡᠵᠦ ᠵᠢᠭᠠᠭᠰᠠᠨ ᠪᠠᠶᠢᠳᠠᠭ᠃ ᠡᠶᠢᠮᠦ ᠳᠦ ᠠᠪᠯᠢᠭ᠎ᠠ ᠶᠢᠨ ᠡᠰᠡᠷᠭᠦ ᠬᠠᠤᠯᠢ ᠳᠤ ᠵᠢᠭᠠᠭᠰᠠᠨ ᠤ ᠳᠠᠭᠠᠤ ᠬᠣᠯᠪᠣᠭᠳᠠᠬᠤ ᠠᠷᠭ᠎ᠠ ᠬᠡᠮᠵᠢᠶ᠎ᠡ ᠶᠢ ᠨᠡᠩ ᠳᠠᠷᠤᠢ ᠠᠪᠴᠤ ᠳᠡᠭᠡᠷᠡᠬᠢ ᠬᠠᠤᠯᠢ ᠨᠤᠭᠤᠳ ᠲᠤ ᠵᠢᠭᠠᠭᠰᠠᠨ ᠡᠭᠦᠷᠭᠡ ᠶᠢ ᠬᠡᠷᠡᠭᠵᠢᠭᠦᠯᠦᠨ ᠠᠵᠢᠯᠯᠠᠬᠤ ᠶᠢ ᠠᠩᠬᠠᠷᠤᠭᠤᠯᠵᠤ ᠡᠮᠦᠨᠡᠭᠣᠪᠢ ᠠᠶᠢᠮᠠᠭ ᠤᠨ  ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠬ∙ᠰᠤᠭᠠᠷ᠂  ︽ ᠲᠠᠪᠤᠨᠲᠤᠯᠤᠭᠠᠢ》 ᠺᠤᠮᠫᠠᠨᠢ ᠶᠢᠨ ᠲᠥᠯᠥᠭᠡᠯᠡᠨ ᠤᠳᠤᠷᠢᠳᠬᠤ ᠵᠦᠪᠯᠡᠯ ᠳᠦ ᠠᠯᠪᠠᠨ ᠪᠢᠴᠢᠭ ᠬᠦᠷᠭᠡᠭᠦᠯᠵᠡᠢ᠃
ᠡᠬᠢ ᠰᠤᠷᠪᠤᠯᠵᠢ᠄ ᠠᠪᠯᠢᠭ᠎ᠠ ᠲᠡᠢ ᠲᠡᠮᠡᠴᠡᠬᠦ ᠭᠠᠵᠠᠷ

ᠰᠡᠳᠬᠢᠭᠳᠡᠯ ᠦᠯᠡᠳᠡᠭᠡᠬᠦ