ᠪ∙ᠪᠠᠲᠤ-ᠡᠷᠳᠡᠨᠢ ᠭᠡᠰᠢᠭᠦᠨ ᠪᠠᠶᠢᠭᠠᠯᠢ ᠳᠤ ᠡᠭᠡᠯᠢᠲᠡᠢ ᠤᠨᠤᠭ᠎ᠠ ᠲᠠᠢ ᠪᠣᠯᠵᠠᠢ | News.MN

ᠪ∙ᠪᠠᠲᠤ-ᠡᠷᠳᠡᠨᠢ ᠭᠡᠰᠢᠭᠦᠨ ᠪᠠᠶᠢᠭᠠᠯᠢ ᠳᠤ ᠡᠭᠡᠯᠢᠲᠡᠢ ᠤᠨᠤᠭ᠎ᠠ ᠲᠠᠢ ᠪᠣᠯᠵᠠᠢ

ᠤᠯᠤᠰ ᠤᠨ ᠶᠡᠬᠡ ᠬᠤᠷᠠᠯ ᠤᠨ ᠭᠡᠰᠢᠭᠦᠨ᠂ ᠮᠣᠩᠭᠣᠯ ᠤᠯᠤᠰ ᠤᠨ ᠳᠠᠷᠬᠠᠨ ᠠᠪᠤᠷᠭᠤ᠂ ᠬᠥᠳᠡᠯᠮᠦᠷᠢ ᠶᠢᠨ ᠪᠠᠭᠠᠲᠤᠷ ᠪ∙ᠪᠠᠲᠤ-ᠡᠷᠳᠡᠨᠢ ᠡᠺᠣ ᠮᠠᠰᠢᠨ ᠠᠪᠴᠤ ᠤᠨᠤᠵᠠᠢ᠃ ᠲᠡᠷᠡ ᠪᠡᠷ ᠡᠨᠡ ᠲᠤᠬᠠᠢ ᠳᠤ ︽ᠮᠣᠩᠨᠢᠰ ᠮᠣᠲ᠋ᠣᠷᠰ ᠺᠣᠮᠫᠠᠨᠢ ᠬᠣᠣᠷᠲᠤ ᠤᠲᠤᠭ᠎ᠠ ᠢᠯᠭᠠᠷᠠᠭᠤᠯᠳᠠᠭ ᠦᠭᠡᠢ᠂ ᠪᠠᠶᠢᠭᠠᠯᠢ ᠳᠤ ᠡᠭᠡᠯᠢᠲᠡᠢ ᠠᠰᠢᠭᠯᠠᠯᠲᠠ ᠶᠢᠨ ᠵᠠᠷᠤᠳᠠᠯ ᠪᠠᠭ᠎ᠠ ᠴᠠᠬᠢᠯᠭᠠᠨ Nissan Leaf  ᠠᠦ᠋ᠲ᠋ᠤ᠋ ᠣᠷᠣᠭᠤᠯᠵᠤ ᠢᠷᠡᠭᠰᠡᠨ ᠪᠠᠶᠢᠨ᠎ᠠ᠃ ᠪᠢ ᠶᠢ ᠠᠪᠤᠯ᠎ᠠ︾ ᠭᠡᠵᠡᠢ᠃
ᠤᠯᠠᠭᠠᠨᠪᠠᠭᠠᠲᠤᠷ ᠬᠣᠲᠠ ᠶᠢᠨ ᠠᠭᠠᠷ ᠤᠨ ᠪᠣᠬᠢᠷᠳᠠᠯ ᠤᠨ 10 ᠬᠤᠪᠢ ᠶᠢ ᠠᠦ᠋ᠲ᠋ᠤ᠋ ᠮᠠᠰᠢᠨ ᠠᠴᠠ  ᠢᠯᠭᠠᠷᠠᠵᠤ ᠪᠠᠶᠢᠭ᠎ᠠ ᠤᠲᠤᠭ᠎ᠠ ᠪᠤᠢ ᠪᠣᠯᠭᠠᠳᠠᠭ ᠨᠢ ᠰᠤᠳᠤᠯᠭ᠎ᠠ ᠪᠠᠷ ᠪᠠᠲᠤᠯᠠᠭᠳᠠᠭᠠᠳ ᠪᠠᠶᠢᠭ᠎ᠠ᠃
ᠡᠨᠡ ᠪᠤᠬᠢᠷᠳᠤᠯ ᠢ ᠪᠠᠭᠤᠷᠠᠭᠤᠯᠬᠤ ᠠᠷᠭ᠎ᠠ ᠬᠡᠮᠵᠢᠶ᠎ᠡ ᠠᠪᠴᠤ ᠨᠡᠶᠢᠰᠯᠡᠯ ᠳᠦ 100 ᠬᠤᠪᠢ ᠴᠠᠬᠢᠯᠭᠠᠨ ᠮᠠᠰᠢᠨ ᠢ ᠵᠠᠮ ᠤᠨ ᠲᠥᠯᠥᠪᠦᠷᠢ ᠡᠴᠡ ᠴᠢᠯᠦᠭᠡᠯᠡᠵᠦ᠂ ᠳ᠋ᠤᠭᠠᠷ ᠤᠨ ᠬᠢᠵᠠᠭᠠᠷᠯᠠᠯᠲᠠ ᠦᠭᠡᠢ ᠵᠣᠷᠴᠢᠭᠤᠯᠳᠠᠭ ᠪᠣᠯᠤᠭᠰᠠᠨ ᠪᠢᠯᠡ᠃ ᠬᠠᠷᠢᠨ ᠣᠳᠣ ᠪᠦᠷᠢᠨ ᠴᠠᠬᠢᠯᠭᠠᠨ ᠮᠠᠰᠢᠨ ᠢ ᠴᠡᠨᠡᠭᠯᠡᠬᠦ ᠰᠲ᠋ᠠᠨᠼ ᠢ ᠪᠠᠶᠢᠭᠤᠯᠬᠤ ᠠᠵᠢᠯ ᠦᠯᠡᠳᠡᠭᠡᠳ ᠪᠠᠶᠢᠭ᠎ᠠ ᠶᠤᠮ᠃
ᠵᠠᠮ ᠲᠡᠭᠡᠭᠡᠪᠦᠷᠢ ᠶᠢᠨ ᠶᠠᠮᠤᠨ ᠠᠴᠠ ᠥᠭᠭᠦᠭᠰᠡᠨ ᠮᠡᠳᠡᠭᠡᠯᠡᠯ ᠢᠶᠡᠷ᠂ 2018 ᠣᠨ ᠤ ᠳᠣᠯᠣᠳᠤᠭᠠᠷ ᠰᠠᠷ᠎ᠠ ᠶᠢᠨ 6 ᠍ ᠤ ᠪᠠᠶᠢᠳᠠᠯ ᠢᠶᠠᠷ ᠮᠠᠨ ᠤ ᠤᠯᠤᠰ ᠤᠨ ᠬᠡᠮᠵᠢᠶᠡᠨ ᠳᠦ ᠬᠣᠣᠰᠯᠠᠭᠰᠠᠨ ᠬᠥᠳᠡᠯᠭᠡᠭᠦᠷ ᠲᠡᠢ 140824 ᠂ ᠪᠦᠷᠢᠨ ᠴᠠᠬᠢᠯᠭᠠᠨ ᠬᠥᠳᠡᠯᠭᠡᠭᠦᠷ ᠲᠡᠢ 108 ᠮᠠᠰᠢᠨ ᠪᠠᠶᠢᠭ᠎ᠠ  ᠠᠵᠠᠢ᠃
ᠠ᠊ ᠂ ᠲᠡᠭᠦᠯᠳᠡᠷ

ᠡᠬᠢ ᠰᠤᠷᠪᠤᠯᠵᠢ ᠄ IKON.MN

ᠰᠡᠳᠬᠢᠭᠳᠡᠯ ᠦᠯᠡᠳᠡᠭᠡᠬᠦ

2 ᠰᠡᠳᠬᠢᠭᠳᠡᠯ

Avatar

ᠰᠡᠳᠬᠢᠭᠳᠡᠯ 2018-10-01 103.50.206.32

ᠤᠯᠤᠰ ᠤᠨ ᠶᠡᠬᠡ ᠬᠤᠷᠠᠯ

Avatar

ᠮᠠᠨ ᠤ ᠤᠯᠤᠰ 2018-10-01 103.50.206.32

ᠤᠯᠤᠰ ᠤᠨ ᠶᠡᠬᠡ ᠬᠤᠷᠠᠯ ᠤᠨ ᠭᠡᠰᠢᠭᠦᠨ᠂ ᠮᠣᠩᠭᠣᠯ ᠤᠯᠤᠰ ᠤᠨ ᠳᠠᠷᠬᠠᠨ ᠠᠪᠤᠷᠭᠤ᠂ ᠬᠥᠳᠡᠯᠮᠦᠷᠢ ᠶᠢᠨ ᠪᠠᠭᠠᠲᠤᠷ ᠪ∙ᠪᠠᠲᠤ-ᠡᠷᠳᠡᠨᠢ ᠡᠺᠣ ᠮᠠᠰᠢᠨ ᠠᠪᠴᠤ ᠤᠨᠤᠵᠠᠢ᠃ ᠲᠡᠷᠡ ᠪᠡᠷ ᠡᠨᠡ ᠲᠤᠬᠠᠢ ᠳᠤ ︽ᠮᠣᠩᠨᠢᠰ ᠮᠣᠲ᠋ᠣᠷᠰ ᠺᠣᠮᠫᠠᠨᠢ ᠬᠣᠣᠷᠲᠤ ᠤᠲᠤᠭ᠎ᠠ ᠢᠯᠭᠠᠷᠠᠭᠤᠯᠳᠠᠭ ᠦᠭᠡᠢ᠂ ᠪᠠᠶᠢᠭᠠᠯᠢ ᠳᠤ ᠡᠭᠡᠯᠢᠲᠡᠢ ᠠᠰᠢᠭᠯᠠᠯᠲᠠ ᠶᠢᠨ ᠵᠠᠷᠤᠳᠠᠯ ᠪᠠᠭ᠎ᠠ ᠴᠠᠬᠢᠯᠭᠠᠨ Nissan Leaf ᠠᠦ᠋ᠲ᠋ᠤ᠋ ᠣᠷᠣᠭᠤᠯᠵᠤ ᠢᠷᠡᠭᠰᠡᠨ ᠪᠠᠶᠢᠨ᠎ᠠ᠃ ᠪᠢ ᠶᠢ ᠠᠪᠤᠯ᠎ᠠ︾ ᠭᠡᠵᠡᠢ᠃
ᠤᠯᠠᠭᠠᠨᠪᠠᠭᠠᠲᠤᠷ ᠬᠣᠲᠠ ᠶᠢᠨ ᠠᠭ