ᠮᠣᠩᠭᠣᠯ ᠤᠯᠤᠰ FESPO ᠦᠵᠡᠰᠬᠦᠯᠡᠩ ᠳᠦ ᠤᠷᠤᠯᠴᠠᠨ᠎ᠠ | News.MN

ᠮᠣᠩᠭᠣᠯ ᠤᠯᠤᠰ FESPO ᠦᠵᠡᠰᠬᠦᠯᠡᠩ ᠳᠦ ᠤᠷᠤᠯᠴᠠᠨ᠎ᠠ

ᠮᠣᠩᠭᠣᠯ ᠤᠯᠤᠰ ᠢ 2019 ᠣᠨ ᠤ 1 ᠳ᠋ᠤᠭᠡᠷ ᠰᠠᠷ᠎ᠠ ᠶᠢᠨ 31 ᠍ ᠡᠴᠡ 2 ᠳ᠋ᠤᠭᠠᠷ ᠰᠠᠷ᠎ᠠ ᠶᠢᠨ 3 ᠍ ᠤ ᠡᠳᠦᠷ ᠦᠳ ᠲᠦ ᠰᠸᠢᠰ ᠤᠨ ᠬᠣᠯᠪᠣᠭᠠᠨ ᠤ ᠤᠯᠤᠰ ᠲᠦ ᠪᠣᠯᠬᠤ ᠣᠯᠠᠨ ᠤᠯᠤᠰ ᠤᠨ ᠠᠶᠠᠯᠠᠯ ᠵᠢᠭᠤᠯᠴᠢᠯᠠᠯ ᠤᠨ FESPO ᠦᠵᠡᠰᠬᠦᠯᠡᠩ ᠳᠦ ᠠᠩᠬ᠎ᠠ ᠤᠳᠠᠭ᠎ᠠ ᠵᠣᠴᠢᠨ ᠣᠷᠣᠨ ᠢᠶᠠᠷ ᠣᠷᠤᠯᠴᠠᠭᠤᠯᠬᠤ ᠪᠣᠯᠤᠭᠰᠠᠨ ᠢᠶᠠᠨ ᠵᠣᠬᠢᠶᠠᠨ ᠪᠠᠶᠢᠭᠤᠯᠤᠭᠴᠢ ᠲᠠᠯ᠎ᠠ ᠥᠨᠥᠳᠥᠷ ᠮᠡᠳᠡᠭᠳᠡᠭᠡᠳ ᠪᠠᠶᠢᠨ᠎ᠠ᠃ ᠡᠨᠡ ᠲᠠᠯ᠎ᠠ ᠪᠠᠷ ᠰᠸᠢᠰ ᠤᠨ ᠬᠣᠯᠪᠣᠭᠠᠨ ᠤ ᠤᠯᠤᠰ ᠤᠨ www.travelnews.ch ᠠᠶᠠᠯᠠᠯ ᠵᠢᠭᠤᠯᠴᠢᠯᠠᠯ ᠤᠨ ᠮᠡᠳᠡᠭᠡᠨ ᠦ ᠴᠠᠬᠢᠮ ᠬᠠᠭᠤᠳᠠᠰᠤ ᠳᠤ ︽ᠮᠣᠩᠭᠣᠯ ᠤᠯᠤᠰ 2019 ᠣᠨ ᠳᠤ ᠵᠣᠴᠢᠨ ᠣᠷᠣᠨ ᠢᠶᠠᠷ ᠤᠷᠤᠯᠴᠠᠬᠤ ᠪᠣᠯᠤᠭᠰᠠᠨ ᠨᠢ FESPO ᠍ ᠦᠨ ᠬᠤᠪᠢ ᠳᠤ ᠰᠠᠶᠢᠬᠠᠨ ᠮᠡᠳᠡᠭᠡ ᠪᠣᠯᠤᠯ᠎ᠠ︾ ᠭᠠᠷᠴᠠᠭ ᠲᠠᠢ ᠮᠡᠳᠡᠭᠡ 2018 ᠣᠨ ᠤ 9 ᠳ᠋ᠤᠭᠡᠷ ᠰᠠᠷ᠎ᠠ ᠶᠢᠨ 27 ᠍ ᠤ ᠡᠳᠦᠷ ᠭᠠᠷᠴᠠᠢ᠃
《ᠰᠡᠭᠦᠯ ᠦᠨ 10 ᠵᠢᠯ ᠦᠨ ᠬᠤᠭᠤᠴᠠᠭᠠᠨ ᠳᠤ ᠠᠽᠢᠶ᠎ᠠ ᠲᠢᠪ ᠡᠴᠡ ᠵᠣᠴᠢᠨ ᠣᠷᠣᠨ ᠣᠷᠣᠯᠴᠠᠭ᠎ᠠ ᠦᠭᠡᠢ ᠪᠥᠭᠡᠳ ᠮᠣᠩᠭᠣᠯ ᠢ ᠵᠣᠴᠢᠨ ᠣᠷᠣᠨ ᠢᠶᠠᠷ ᠣᠷᠤᠯᠴᠠᠭᠤᠯᠤᠭᠰᠠᠨ ᠢᠶᠠᠷ ᠴᠢᠩᠭᠢᠰ ᠬᠠᠭᠠᠨ ᠤ ᠡᠵᠡᠨᠲᠦ ᠭᠦᠷᠦᠨ ᠦ ᠲᠤᠬᠠᠢ ᠢᠯᠡᠭᠦᠦ ᠶᠡᠬᠡ ᠶᠢ ᠮᠡᠳᠡᠬᠦ ᠶᠢ ᠣᠯᠵᠠᠭᠤᠷᠬᠠᠵᠤ᠂ ᠲᠡᠰᠦᠨ ᠶᠠᠳᠠᠨ ᠬᠦᠯᠢᠶᠡᠵᠦ ᠪᠠᠶᠢᠨ᠎ᠠ ᠭᠡᠵᠦ ᠲᠤᠰ ᠦᠵᠡᠰᠬᠦᠯᠡᠩ ᠢ ᠵᠣᠬᠢᠶᠠᠨ ᠪᠠᠶᠢᠭᠤᠯᠤᠭᠴᠢ ᠰᠲ᠋ᠧᠹᠠᠨ  ᠠᠮᠰᠠᠲ᠋ᠠᠳ᠋ ᠬᠡᠯᠡᠯ᠎ᠡ 》 ᠭᠡᠵᠦ ᠮᠡᠳᠡᠭᠡᠨ ᠳᠦ ᠳᠤᠷᠠᠳᠤᠭᠰᠠᠨ ᠪᠠᠶᠢᠨ᠎ᠠ᠃ ᠲᠡᠭᠦᠨᠴᠢᠯᠡᠨ《ᠮᠣᠩᠭᠣᠯᠴᠤᠳ ᠳᠡᠯᠡᠬᠡᠢ ᠶᠢᠨ ᠲᠠᠯ᠎ᠠ ᠶᠢ ᠡᠵᠡᠯᠡᠵᠦ ᠪᠠᠶᠢᠭᠰᠠᠨ ᠲᠡᠦᠬᠡ ᠲᠡᠢ ᠪᠥᠭᠡᠳ ᠡᠨᠡᠬᠦ ᠨᠡᠭᠦᠳᠡᠯᠴᠢᠳ ᠬᠦᠮᠦᠨ ᠠᠮᠢᠨ ᠬᠣᠯᠪᠣᠭ᠎ᠠ ᠶᠢ ᠳᠣᠮᠣᠭ ᠪᠣᠯᠭᠠᠨ ᠦᠶ᠎ᠡ ᠳᠠᠮᠵᠢᠭᠤᠯᠤᠨ ᠦᠯᠡᠳᠡᠭᠡᠵᠦ᠂ ᠬᠦᠭᠡᠮᠢ᠂ ᠤᠷᠲᠤ ᠶᠢᠨ ᠳᠠᠭᠤᠤ ᠪᠠᠷ ᠢᠶᠠᠨ ᠠᠮᠢᠳᠤᠷᠠᠯ ᠤᠨ ᠭᠦᠨ ᠤᠬᠠᠭᠠᠨ᠂ ᠠᠷᠠᠳ ᠲᠦᠮᠡᠨ ᠦ ᠣᠨᠴᠠᠯᠢᠭ ᠢ ᠢᠯᠡᠷᠬᠡᠶᠢᠯᠡᠵᠦ ᠢᠷᠡᠭᠰᠡᠨ 》 ᠭᠡᠵᠦ ᠣᠨᠴᠠᠯᠠᠵᠠᠢ᠃ ᠰᠸᠢᠰ ᠤᠨ ᠠᠶᠠᠯᠠᠯ ᠵᠢᠭᠤᠯᠴᠢᠯᠠᠯ ᠤᠨ ᠬᠠᠮᠤᠭ ᠤᠨ ᠲᠣᠮᠣ FESPO ᠦᠵᠡᠰᠬᠦᠯᠡᠩ ᠳᠦ 600 ᠭᠠᠷᠤᠢ ᠣᠷᠣᠯᠴᠠᠭᠴᠢ ᠣᠷᠣᠯᠴᠠᠵᠤ᠂ 63000 ᠬᠦᠮᠦᠨ ᠦᠵᠡᠵᠦ ᠰᠣᠨᠢᠷᠬᠠᠳᠠᠭ ᠪᠥᠭᠡᠳ ᠰᠸᠢᠰ᠂ ᠡᠮᠦᠨᠡᠲᠦ ᠭᠧᠷᠮᠠᠨ᠂ ᠬᠤᠶᠢᠲᠤ ᠢᠲ᠋ᠠᠯᠢ᠂ ᠠᠦ᠋ᠰᠲᠷᠢᠶ᠎ᠠ ᠵᠡᠷᠭᠡ ᠵᠠᠬ᠎ᠠ ᠵᠡᠭᠡᠯᠢ ᠶᠢ ᠬᠠᠮᠤᠷᠳᠠᠭ ᠲᠤᠯᠠ ᠪᠥᠰᠡ ᠨᠤᠲᠤᠭ ᠲᠤ ᠪᠠᠨ ᠲᠣᠮᠣᠬᠠᠨ ᠳᠤ ᠲᠣᠭᠠᠴᠠᠭᠳᠠᠳᠠᠭ ᠦᠵᠡᠰᠬᠦᠯᠡᠩ ᠶᠤᠮ᠃
ᠡᠬᠢ ᠰᠤᠷᠪᠤᠯᠵᠢ᠄ ᠭᠠᠳᠠᠭᠠᠳᠤ ᠬᠠᠷᠢᠯᠴᠠᠭᠠᠨ ᠤ ᠶᠠᠮᠤᠨ

ᠰᠡᠳᠬᠢᠭᠳᠡᠯ ᠦᠯᠡᠳᠡᠭᠡᠬᠦ