ᠰᠤᠷᠤᠭᠴᠢᠳ ᠬᠣᠲᠠ ᠶᠢᠨ ᠲᠡᠦᠬᠡᠨ ᠳᠤᠷᠠᠰᠬᠠᠯᠲᠤ ᠭᠠᠵᠠᠷ ᠢᠶᠠᠷ ᠠᠶᠠᠯᠠᠪᠠ | News.MN

ᠰᠤᠷᠤᠭᠴᠢᠳ ᠬᠣᠲᠠ ᠶᠢᠨ ᠲᠡᠦᠬᠡᠨ ᠳᠤᠷᠠᠰᠬᠠᠯᠲᠤ ᠭᠠᠵᠠᠷ ᠢᠶᠠᠷ ᠠᠶᠠᠯᠠᠪᠠ

ᠳᠡᠯᠡᠬᠡᠢ ᠶᠢᠨ 158 ᠤᠯᠤᠰ ᠣᠷᠣᠨ ᠢ ᠡᠩᠨᠡᠭᠡᠨ ᠳᠦ ᠪᠡᠨ ᠨᠢᠭᠡᠳᠬᠡᠭᠰᠡᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠳᠡᠯᠡᠬᠡᠢ ᠶᠢᠨ ᠠᠶᠠᠯᠠᠯ ᠵᠢᠭᠤᠯᠴᠢᠯᠠᠯ ᠤᠨ ᠪᠠᠶᠢᠭᠤᠯᠤᠯᠭ᠎ᠠ ᠠᠴᠠ ᠵᠢᠯ ᠪᠦᠷᠢ ᠶᠢᠨ 9 ᠳ᠋ᠤᠭᠡᠷ ᠰᠠᠷ᠎ᠠ ᠶᠢᠨ 27 ᠍ ᠤ ᠡᠳᠦᠷ ᠢ ︽ᠳᠡᠯᠡᠬᠡᠢ ᠶᠢᠨ ᠠᠶᠠᠯᠠᠯ ᠵᠢᠭᠤᠯᠴᠢᠯᠠᠯ ᠤᠨ ᠡᠳᠦᠷ︾ ᠪᠣᠯᠭᠠᠨ ᠲᠡᠮᠳᠡᠭᠯᠡᠨ ᠥᠩᠭᠡᠷᠡᠭᠦᠯᠳᠡᠭ᠃ ᠡᠨᠡ ᠵᠢᠯ ᠲᠤᠰ ᠡᠳᠦᠷ ᠢ  ︽ᠠᠶᠠᠯᠠᠯ ᠵᠢᠭᠤᠯᠴᠢᠯᠠᠯ ᠪᠠ ᠴᠠᠬᠢᠮ ᠬᠤᠪᠢᠰᠤᠯ︾ ᠤᠷᠢᠶᠠᠨ ᠳᠣᠣᠷ᠎ᠠ ᠪᠦᠭᠦᠳᠡ ᠨᠠᠶᠢᠷᠠᠮᠳᠠᠬᠤ ᠤᠩᠭᠠᠷᠢ ᠤᠯᠤᠰ ᠤᠨ ᠪᠤᠲᠠᠫᠧᠱᠲ ᠬᠤᠲᠠᠨ᠎ᠠ ᠵᠣᠬᠢᠶᠠᠨ ᠪᠠᠶᠢᠭᠤᠯᠵᠤ᠂ ᠲᠡᠮᠳᠡᠭᠯᠡᠨ ᠥᠩᠭᠡᠷᠡᠭᠦᠯᠵᠦ ᠪᠠᠶᠢᠨ᠎ᠠ᠃ ᠡᠨᠡᠬᠦ ᠲᠡᠮᠳᠡᠭᠯᠡᠯᠲᠦ ᠡᠳᠦᠷ ᠢ ᠳᠡᠯᠡᠬᠡᠢ ᠶᠢᠨ ᠠᠶᠠᠯᠠᠯ ᠵᠢᠭᠤᠯᠴᠢᠯᠠᠯ ᠤᠨ ᠪᠠᠶᠢᠭᠤᠯᠤᠯᠭ᠎ᠠ ᠶᠢᠨ ᠰᠠᠨᠠᠭᠠᠴᠢᠯᠠᠭ᠎ᠠ ᠪᠠᠷ 1979 ᠣᠨ ᠠᠴᠠ ᠡᠬᠢᠯᠡᠨ ᠲᠡᠮᠳᠡᠭᠯᠡᠨ ᠥᠩᠭᠡᠷᠡᠭᠦᠯᠵᠦ ᠢᠷᠡᠭᠰᠡᠨ ᠪᠥᠭᠡᠳ ᠠᠶᠠᠯᠠᠯ ᠵᠢᠭᠤᠯᠴᠢᠯᠠᠯ ᠤᠨ ᠰᠠᠯᠪᠤᠷᠢ ᠶᠢᠨ ᠠᠴᠢ ᠬᠣᠯᠪᠣᠭᠳᠠᠯ᠂ ᠦᠷ᠎ᠡ ᠦᠭᠭᠦᠭᠡᠵᠢ ᠶᠢ ᠨᠡᠶᠢᠭᠡᠮ᠂ ᠤᠯᠤᠰ ᠲᠥᠷᠥ᠂ ᠰᠤᠶᠤᠯ᠂ ᠡᠳ᠋ ᠍ ᠦᠨ ᠵᠠᠰᠠᠭ ᠤᠨ ᠭᠣᠣᠯ  ᠰᠠᠯᠪᠤᠷᠢ ᠨᠤᠭᠤᠳ ᠲᠤ ᠲᠠᠨᠢᠭᠤᠯᠬᠤ ᠭᠣᠣᠯ ᠵᠣᠷᠢᠯᠭ᠎ᠠ ᠲᠠᠢ᠃ ᠮᠣᠩᠭᠣᠯ ᠤᠯᠤᠰ ᠤᠨ ᠠᠶᠠᠯᠠᠯ ᠵᠢᠭᠤᠯᠴᠢᠯᠠᠯ ᠤᠨ ᠰᠠᠯᠪᠤᠷᠢ ᠶᠢᠨ  ᠬᠢᠨ ᠡᠨᠡᠬᠦ ᠲᠡᠮᠳᠡᠭᠯᠡᠯᠲᠦ ᠡᠳᠦᠷ ᠢ ᠤᠯᠠᠭᠠᠨᠪᠠᠭᠠᠲᠤᠷ  ᠬᠤᠲᠠᠨ᠎ᠠ ᠵᠢᠯ ᠪᠦᠷᠢ ᠲᠡᠮᠳᠡᠭᠯᠡᠨ ᠥᠩᠭᠡᠷᠡᠭᠦᠯᠳᠡᠭ ᠪᠥᠭᠡᠳ ᠡᠨᠡ ᠵᠢᠯ  ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠶᠠᠮᠤᠨ᠂ ᠨᠡᠶᠢᠰᠯᠡᠯ ᠦᠨ ᠠᠶᠠᠯᠠᠯ ᠵᠢᠭᠤᠯᠴᠢᠯᠠᠯ ᠤᠨ ᠭᠠᠵᠠᠷ᠂ ᠠᠶᠠᠯᠠᠯ ᠵᠢᠭᠤᠯᠴᠢᠯᠠᠯ ᠤᠨ ᠬᠥᠭᠵᠢᠯ ᠦᠨ ᠲᠥᠪ᠂ ᠮᠣᠩᠭᠣᠯ ᠤᠨ ᠠᠶᠠᠯᠠᠯ ᠵᠢᠭᠤᠯᠴᠢᠯᠠᠯ ᠤᠨ ᠬᠣᠯᠪᠣᠭ᠎ᠠ ᠬᠠᠮᠲᠤᠷᠠᠨ ᠠᠭᠤᠯᠵᠠᠯᠲᠠ ᠰᠧᠮᠢᠨᠠᠷ᠂ ᠨᠡᠭᠡᠭᠡᠯᠲᠡ ᠲᠡᠢ ᠬᠡᠯᠡᠯᠴᠡᠭᠦᠯᠭᠡ᠂  ︽ ᠭᠷᠡᠨᠳ᠋ ᠲᠤᠷ -2018 ︾ ᠠᠶᠠᠯᠠᠯ ᠵᠢᠭᠤᠯᠴᠢᠯᠠᠯ ᠤᠨ ᠣᠶᠤᠲᠠᠨ ᠤ ᠤᠯᠤᠰ ᠤᠨ ᠣᠯᠢᠮᠫᠢᠶᠠᠳ᠋᠂  ︽ᠠᠶᠠᠯᠠᠯ ᠵᠢᠭᠤᠯᠴᠢᠯᠠᠯ ᠪᠠ ᠴᠠᠬᠢᠮ ᠬᠤᠪᠢᠰᠤᠯ︾ ᠰᠡᠳᠦᠪᠲᠦ ᠲᠸᠯᠸᠢᠰ ᠦᠨ ᠶᠠᠷᠢᠯᠴᠠᠯᠭ᠎ᠠ᠂ ᠵᠤᠴᠢᠳ ᠪᠠᠭᠤᠳᠠᠯ ᠤᠳ ᠤᠨ ᠨᠡᠭᠡᠭᠡᠯᠲᠡ ᠲᠡᠢ ᠲᠠᠨᠢᠯᠴᠠᠭᠤᠯᠭ᠎ᠠ ᠡᠳᠦᠷᠯᠢᠭ᠂ ᠬᠣᠲᠠ ᠶᠢᠨ ᠠᠶᠠᠯᠠᠯ City Tour Bus ᠵᠡᠷᠭᠡ ᠦᠢᠯᠡ ᠠᠵᠢᠯᠯᠠᠭ᠎ᠠ ᠶᠢ ᠵᠣᠬᠢᠶᠠᠨ ᠪᠠᠶᠢᠭᠤᠯᠵᠤ ᠪᠠᠶᠢᠨ᠎ᠠ᠃
ᠮᠥᠨ ᠡᠳᠦᠷ  ᠤᠯᠠᠭᠠᠨᠪᠠᠭᠠᠲᠤᠷ  ᠬᠤᠲᠠ ᠳᠤ ᠦᠢᠯᠡ ᠠᠵᠢᠯᠯᠠᠭ᠎ᠠ ᠶᠠᠪᠤᠭᠤᠯᠵᠤ ᠪᠤᠢ ᠣᠯᠠᠨ ᠤᠯᠤᠰ ᠤᠨ ᠰᠲ᠋ᠠᠨᠳᠠᠷᠲ ᠢ ᠬᠠᠩᠭᠠᠨ ᠠᠵᠢᠯᠯᠠᠨ ᠠᠵᠢᠯᠯᠠᠳᠠᠭ  ︽ ᠬᠤᠯᠢᠳ᠋ᠸᠢ ᠢᠢᠨ︾ ᠵᠣᠴᠢᠳ ᠪᠠᠭᠤᠳᠠᠯ 5 ᠣᠳᠣᠨ ᠤ᠂  ︽ ᠤᠯᠠᠭᠠᠨᠪᠠᠭᠠᠲᠤᠷ ᠰᠢᠲ᠋ᠢ ᠼᠧᠨᠲᠷ︾ ᠪᠣᠯᠤᠨ ︽ᠷᠣᠢᠯ ᠬᠠᠦ᠋ᠰ ︾ ᠵᠣᠴᠢᠳ ᠪᠠᠭᠤᠳᠠᠯ 4 ᠣᠳᠣᠨ ᠤ᠂ ︽ ᠫᠠᠯᠠᠰ ︾ ᠵᠣᠴᠢᠳ ᠪᠠᠭᠤᠳᠠᠯ ᠪᠣᠯᠤᠨ ︽ᠳᠡᠭᠡᠳᠦᠰ︾ ᠵᠣᠴᠢᠳ ᠪᠠᠭᠤᠳᠠᠯ 3 ᠣᠳᠣᠨ ᠤ ᠵᠡᠷᠭᠡᠯᠡᠯ ᠲᠤᠰ ᠲᠤᠰ ᠬᠠᠩᠭᠠᠨ ᠪᠠᠲᠤᠯᠠᠮᠵᠢ ᠪᠠᠨ ᠭᠠᠷᠳᠠᠨ ᠠᠪᠤᠯ᠎ᠠ᠃ ᠨᠡᠶᠢᠰᠯᠡᠯ ᠦᠨ ᠠᠶᠠᠯᠠᠯ ᠵᠢᠭᠤᠯᠴᠢᠯᠠᠯ ᠤᠨ ᠭᠠᠵᠠᠷ ᠠᠴᠠ ᠡᠯ᠎ᠡ ᠡᠳᠦᠷ ᠢᠶᠡᠷ ᠮᠣᠩᠭᠣᠯ ᠤᠨ ᠬᠥᠲᠥᠴᠢ ᠲᠠᠶᠢᠯᠪᠤᠷᠢᠯᠠᠭᠴᠢᠳ ᠤᠨ ᠬᠣᠯᠪᠣᠭ᠎ᠠ ᠲᠠᠢ ᠬᠠᠮᠲᠤᠷᠠᠨ ᠨᠡᠶᠢᠰᠯᠡᠯ ᠦᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ 12 ᠳ᠋ᠤᠭᠠᠷ ᠠᠩᠬᠢ ᠶᠢᠨ ᠰᠤᠷᠤᠭᠴᠢᠳ᠂ ᠬᠥᠭᠵᠢᠯ ᠦᠨ ᠪᠡᠷᠬᠡᠰᠢᠶᠡᠯ ᠲᠡᠢ ᠢᠷᠭᠡᠳ᠂ ᠠᠶᠠᠯᠠᠯ ᠵᠢᠭᠤᠯᠴᠢᠯᠠᠯ ᠤᠨ ᠮᠡᠷᠭᠡᠵᠢᠯ ᠢᠶᠡᠷ ᠰᠤᠷᠤᠯᠴᠠᠵᠤ ᠪᠤᠢ ᠣᠶᠤᠲᠠᠨ ᠨᠤᠭᠤᠳ ᠢ ᠬᠠᠮᠤᠷᠤᠭᠤᠯᠤᠨ ︽ᠬᠣᠲᠠ ᠶᠢᠨ ᠠᠶᠠᠯᠠᠯ ︾᠍ ᠢ ᠵᠣᠬᠢᠶᠠᠨ ᠪᠠᠶᠢᠭᠤᠯᠵᠤ ᠪᠠᠶᠢᠨ᠎ᠠ᠃ ᠠᠶᠠᠯᠠᠯ ᠢᠶᠠᠷ ᠰᠤᠷᠤᠭᠴᠢᠳ ︽ᠰᠢᠲ᠋ᠢ ᠲᠤᠷ︾ ᠲᠥᠰᠥᠯ ᠦᠨ 2 ᠠᠦ᠋ᠲ᠋ᠣᠪᠦ᠋ᠰ ᠢᠶᠠᠷ ᠬᠣᠲᠠ ᠶᠢᠨ ᠲᠡᠦᠬᠡᠨ ᠳᠤᠷᠠᠰᠬᠠᠯᠲᠤ ᠭᠠᠵᠠᠷ ᠤᠳ᠂ ᠮᠦᠽᠧᠢ᠂ ᠵᠤᠴᠢᠳ ᠪᠠᠭᠤᠳᠠᠯ᠂ ᠠᠶᠠᠯᠠᠯ ᠵᠢᠭᠤᠯᠴᠢᠯᠠᠯ ᠤᠨ ᠣᠨᠴᠠᠯᠢᠭ ᠭᠠᠵᠠᠷ ᠤᠳ ᠲᠠᠢ ᠲᠠᠨᠢᠯᠴᠠᠬᠤ ᠶᠤᠮ᠃

ᠰᠡᠳᠬᠢᠭᠳᠡᠯ ᠦᠯᠡᠳᠡᠭᠡᠬᠦ