《ᠰᠡᠯᠡᠩᠭᠡ ᠶᠢᠨ ᠳᠣᠯᠭᠢᠶ᠎ᠠ 》 ᠴᠢᠭᠤᠯᠭ᠎ᠠ ᠶᠢᠨ ᠬᠢᠨ ᠳᠡᠳ᠋ ᠪᠠᠶᠢᠷᠢ ᠳᠤ ᠰᠢᠯᠭᠠᠷᠠᠯ᠎ᠠ | News.MN

《ᠰᠡᠯᠡᠩᠭᠡ ᠶᠢᠨ ᠳᠣᠯᠭᠢᠶ᠎ᠠ 》 ᠴᠢᠭᠤᠯᠭ᠎ᠠ ᠶᠢᠨ ᠬᠢᠨ ᠳᠡᠳ᠋ ᠪᠠᠶᠢᠷᠢ ᠳᠤ ᠰᠢᠯᠭᠠᠷᠠᠯ᠎ᠠ

ᠮᠡᠷᠭᠡᠵᠢᠯ ᠦᠨ ᠤᠷᠠᠨ ᠪᠦᠲᠦᠭᠡᠯᠴᠢᠳ ᠦᠨ ᠤᠷ᠎ᠠ ᠴᠢᠳᠠᠪᠤᠷᠢ᠂ ᠠᠪᠢᠶᠠᠰ ᠪᠢᠯᠢᠭ ᠢ ᠰᠣᠷᠢᠳᠠᠭ 《ᠳᠠᠭᠤᠤ ᠪᠦᠵᠢᠭ ᠦᠨ ᠴᠢᠭᠤᠯᠭ᠎ᠠ-2018》 ᠰᠢᠯᠢᠳᠡᠭ ᠤᠷᠠᠨ ᠪᠦᠲᠦᠭᠡᠯ᠂ ᠰᠢᠯᠢᠳᠡᠭ ᠤᠷᠠᠨ ᠪᠦᠲᠦᠭᠡᠯᠴᠢ ᠰᠢᠯᠭᠠᠷᠠᠭᠤᠯᠬᠤ ᠤᠯᠤᠰ ᠤᠨ ᠳᠦᠷᠪᠡᠳᠦᠭᠡᠷ ᠤᠷᠤᠯᠳᠤᠭᠠᠨ ᠰᠡᠯᠡᠩᠭᠡ ᠠᠶᠢᠮᠠᠭ ᠤᠨ ᠮᠠᠨᠳᠤᠯ ᠰᠤᠮᠤᠨ ᠳᠤ ᠶᠢᠰᠦᠳᠦᠭᠡᠷ ᠰᠠᠷ᠎ᠠ ᠶᠢᠨ 20-24 ᠍ ᠳᠦ ᠪᠣᠯᠤᠯ᠎ᠠ᠃
ᠰᠡᠯᠡᠩᠭᠡ᠂ ᠭᠣᠪᠢ-ᠠᠯᠲᠠᠢ᠂ ᠬᠡᠨᠲᠡᠢ ᠵᠡᠷᠭᠡ ᠠᠶᠢᠮᠠᠭ ᠤᠨ ᠮᠡᠷᠭᠡᠵᠢᠯ ᠦᠨ ᠴᠢᠭᠤᠯᠭ᠎ᠠ ᠨᠤᠭᠤᠳ ᠣᠷᠣᠯᠴᠠᠭᠰᠠᠨ ᠤᠷᠤᠯᠳᠤᠭᠠᠨ ᠳᠤ  ︽ᠰᠡᠯᠡᠩᠭᠡ ᠶᠢᠨ ᠳᠣᠯᠭᠢᠶ᠎ᠠ︾ ᠴᠢᠭᠤᠯᠭ᠎ᠠ ᠶᠢᠨ ᠬᠢᠨ ᠪᠦᠷᠢᠨ ᠬᠡᠮᠵᠢᠶᠡᠨ ᠦ ᠺᠣᠨᠼᠧᠷᠲ ᠤᠨ ᠢᠵᠠᠭᠤᠷ ᠤᠷᠠᠯᠢᠭ ᠤᠨ ᠬᠠᠮᠲᠤᠯᠢᠭ ᠤᠨ ᠲᠥᠷᠥᠯ ᠳᠦ ︽ᠵᠢᠷᠠᠨ ᠴᠠᠭᠠᠨ ᠠᠳᠤᠭᠤ︾ ᠪᠦᠲᠦᠭᠡᠯ ᠢᠶᠡᠷ ᠢᠶᠡᠨ ᠣᠷᠣᠯᠴᠠᠵᠤ ᠳᠡᠳ᠋ ᠪᠠᠶᠢᠷᠢ ᠶᠢᠨ ᠡᠵᠡᠳ ᠪᠣᠯᠵᠠᠢ᠃
ᠬᠠᠷᠢᠨ ᠲᠤᠰ ᠴᠢᠭᠤᠯᠭ᠎ᠠ ᠶᠢᠨ ᠭᠣᠴᠣᠯᠠᠯ ᠳᠠᠭᠤᠴᠢᠨ ᠪ∙ᠴᠣᠯᠮᠣᠨ ᠰᠢᠯᠢᠳᠡᠭ ᠭᠣᠣᠯ ᠳᠦᠷᠢ ᠶᠢᠨ ᠲᠡᠷᠢᠭᠦᠨ ᠡᠷᠭᠦᠮᠵᠢᠯᠡᠯ ᠦᠨ ᠡᠵᠡᠨ ᠪᠣᠯᠤᠭᠰᠠᠨ ᠪᠣᠯ ᠴᠢᠭᠤᠯᠭ᠎ᠠ ᠶᠢᠨ ᠬᠥᠭᠵᠢᠮᠴᠢᠨ ᠽ∙ ᠣᠳᠣᠨᠲᠤᠩᠭᠠᠯᠠᠭ  ᠮᠤᠩᠭᠤᠯ ᠤᠯᠤᠰ  ᠤᠨ ᠰᠤᠶᠤᠯ ᠤᠨ ᠲᠡᠷᠢᠭᠦᠨ ᠦ ᠠᠵᠢᠯᠲᠠᠨ ᠴᠣᠯᠠ ᠪᠠᠷ ᠡᠩᠭᠡᠷ ᠢᠶᠡᠨ ᠮᠢᠯᠢᠶᠠᠪᠠ᠃
ᠴ∙ᠣᠳᠬᠣᠨᠴᠡᠴᠡᠭ

ᠰᠡᠳᠬᠢᠭᠳᠡᠯ ᠦᠯᠡᠳᠡᠭᠡᠬᠦ