ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠬᠡᠪ ᠦᠨ ᠠᠵᠢᠯᠯᠠᠭ᠎ᠠ ᠰᠡᠷᠭᠦᠪᠡ | News.MN

ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠬᠡᠪ ᠦᠨ ᠠᠵᠢᠯᠯᠠᠭ᠎ᠠ ᠰᠡᠷᠭᠦᠪᠡ

ᠤᠯᠤᠰ ᠤᠨ ᠳᠡᠭᠡᠳᠦ ᠰᠢᠭᠦᠬᠦ ᠡᠴᠡ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠳᠦᠷᠢᠮ᠂ ᠮᠥᠷ ᠦᠨ ᠬᠥᠲᠥᠯᠪᠦᠷᠢ ᠶᠢᠨ ᠰᠢᠨᠡᠴᠢᠯᠡᠭᠰᠡᠨ ᠨᠠᠶᠢᠷᠠᠭᠤᠯᠭ᠎ᠠ ᠶᠢ ᠪᠦᠷᠢᠳᠬᠡᠭᠰᠡᠨ ᠲᠡᠢ ᠬᠣᠯᠪᠣᠭᠳᠠᠭᠤᠯᠤᠨ ᠥᠨᠥᠳᠥᠷ ᠲᠤᠰ ᠨᠠᠮ ᠤᠨ ᠳᠡᠳ᠋ ᠳᠠᠷᠤᠭ᠎ᠠ ᠼ∙ᠣᠶᠤᠨᠪᠠᠭᠠᠲᠤᠷ᠂ ᠭᠦᠢᠴᠡᠳᠭᠡᠬᠦ ᠲᠣᠪᠴᠢᠶᠠᠨ ᠤ ᠭᠡᠰᠢᠭᠦᠨ ᠼ∙ ᠰᠢᠷᠠᠪᠳᠤᠷᠵᠢ᠂ ᠨ∙ᠤᠯᠠᠮᠪᠠᠶᠠᠷ᠂ ᠬᠢᠨᠠᠯᠲᠠ ᠶᠣᠰᠣ ᠵᠦᠢ ᠶᠢᠨ ᠬᠣᠷᠢᠶᠠᠨ ᠤ ᠳᠠᠷᠤᠭ᠎ᠠ ᠭ∙ᠳᠠᠸᠠᠨᠢᠮ᠎ᠠ᠂ ᠥᠮᠥᠭᠡᠯᠡᠭᠴᠢ ᠯ∙ᠮᠥᠩᠬᠡᠰᠠᠶᠢᠬᠠᠨ ᠨᠠᠷ ᠮᠡᠳᠡᠭᠡᠯᠡᠯ ᠬᠢᠪᠡ᠃
ᠮᠡᠳᠡᠭᠡᠯᠡᠯ ᠦᠨ ᠡᠬᠢᠨ ᠳᠦ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠳᠡᠳ᠋ ᠳᠠᠷᠤᠭ᠎ᠠ ᠼ∙ᠣᠶᠤᠨᠪᠠᠭᠠᠲᠤᠷ ᠄ ᠳᠡᠭᠡᠳᠦ ᠰᠢᠭᠦᠬᠦ ᠡᠴᠡ ᠮᠣᠩᠭᠣᠯ ᠠᠷᠠᠳ ᠤᠨ ᠬᠤᠪᠢᠰᠬᠠᠯᠲᠤ ᠨᠠᠮ ᠤᠯᠤᠰ ᠲᠥᠷᠥ ᠶᠢᠨ ᠬᠠᠷᠢᠭᠤᠴᠠᠯᠭ᠎ᠠ ᠲᠠᠢ ᠬᠦᠴᠦᠨ ᠪᠠᠶᠢᠬᠤ᠂ ᠤᠯᠤᠰ ᠣᠷᠣᠨ ᠢᠶᠠᠨ ᠲᠣᠭᠲᠠᠪᠤᠷᠢᠲᠠᠢ ᠬᠥᠭᠵᠢᠭᠦᠯᠬᠦ ᠪᠣᠳᠣᠯᠭ᠎ᠠ ᠪᠠᠨ ᠬᠡᠷᠡᠭᠵᠢᠭᠦᠯᠬᠦ ᠡᠭᠦᠳᠡ ᠶᠢ ᠨᠡᠭᠡᠭᠡᠯ᠎ᠡ᠃ ᠮᠠᠨ ᠤ ᠨᠠᠮ ᠤᠯᠤᠰ ᠣᠷᠣᠨ ᠢᠶᠠᠨ ᠬᠢᠮᠤᠷᠠᠯ ᠠᠴᠠ ᠭᠠᠷᠭᠠᠬᠤ ᠪᠣᠳᠣᠯᠭ᠎ᠠ ᠪᠣᠯᠪᠠᠰᠤᠷᠠᠭᠤᠯᠤᠨ ᠠᠵᠢᠯᠯᠠᠵᠤ ᠪᠠᠶᠢᠨ᠎ᠠ᠃ ᠢᠩᠭᠢᠬᠦ ᠳᠦ ᠪᠡᠨ ᠥᠨᠥᠳᠥᠷ ᠦᠨ ᠡᠷᠬᠡ ᠪᠠᠷᠢᠭᠴᠢ ᠬᠦᠴᠦᠨ᠂ ᠫᠠᠷᠯᠠᠮᠧᠨᠲ ᠲᠤ ᠰᠠᠭᠤᠳᠠᠯ ᠲᠠᠢ ᠨᠠᠮ ᠤᠳ ᠲᠠᠢ ᠵᠥᠪᠰᠢᠯᠴᠡᠵᠦ᠂ ᠣᠶᠢᠯᠠᠭᠠᠯᠴᠠᠵᠤ ᠠᠵᠢᠯᠯᠠᠬᠤ ᠶᠢ ᠵᠣᠷᠢᠵᠤ ᠪᠠᠶᠢᠭ᠎ᠠ᠃ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠮᠥᠷ ᠦᠨ ᠬᠥᠲᠥᠯᠪᠦᠷᠢ ᠪᠣᠯ ᠡᠷᠴᠢᠮᠲᠡᠢ ᠬᠥᠭᠵᠢᠯ᠂ ᠮᠣᠩᠭᠣᠯ ᠬᠦᠮᠦᠨ ᠪᠦᠷᠢ  ᠪᠠᠶᠢᠭᠠᠯᠢ ᠶᠢᠨ ᠪᠠᠶᠠᠯᠢᠭ ᠲᠤ ᠪᠠᠨ ᠡᠵᠡᠨ ᠪᠣᠯᠬᠤ᠂ ᠮᠣᠩᠭᠣᠯ ᠬᠦᠮᠦᠨ ᠲᠥᠷᠥ ᠶᠢᠨ ᠪᠣᠳᠣᠯᠭ᠎ᠠ ᠶᠢᠨ ᠲᠦᠪ ᠲᠦ ᠪᠠᠶᠢᠬᠤ ᠳᠤ ᠴᠢᠭᠯᠡᠭᠳᠡᠭᠰᠡᠨ᠃ ᠮᠥᠨ ᠮᠣᠩᠭᠣᠯᠴᠤᠳ ᠢ ᠦᠵᠡᠯ ᠪᠣᠳᠣᠯ᠂ ᠨᠠᠮ ᠤᠨ ᠬᠠᠷᠢᠶᠠᠯᠠᠯ᠂ ᠪᠤᠰᠤᠳ ᠪᠠᠶᠢᠳᠠᠯ ᠢᠶᠠᠷ ᠢᠯᠭᠠᠪᠤᠷᠢᠯᠠᠨ ᠭᠠᠳᠠᠭᠤᠷᠬᠠᠬᠤ᠂ ᠬᠡᠯᠮᠡᠭᠳᠡᠭᠦᠯᠬᠦ ᠶᠢ ᠲᠠᠰᠤᠯᠤᠨ ᠵᠣᠭᠰᠣᠭᠠᠬᠤ ᠴᠣᠭᠴᠠ ᠲᠣᠮᠣ ᠵᠣᠷᠢᠯᠲᠠ ᠶᠢ ᠪᠢᠳᠡ ᠳᠡᠪᠰᠢᠭᠦᠯᠦᠨ ᠲᠠᠯᠪᠢᠭᠰᠠᠨ᠃ ᠡᠭᠦᠨ ᠢ ᠪᠡᠨ ᠪᠦᠬᠦ ᠠᠷᠠᠳ ᠲᠦᠮᠡᠨ ᠢᠶᠡᠷ ᠢᠶᠡᠨ ᠬᠡᠯᠡᠯᠴᠡᠭᠦᠯᠬᠦ ᠠᠵᠢᠯ ᠢ ᠵᠣᠬᠢᠶᠠᠨ ᠪᠠᠶᠢᠭᠤᠯᠵᠤ ᠪᠠᠶᠢᠨ᠎ᠠ᠃ ᠠᠯᠪᠠᠨ ᠲᠤᠰᠢᠶᠠᠯ ᠢ ᠮᠥᠩᠭᠥ ᠪᠡᠷ ᠬᠤᠳᠠᠯᠳᠤᠳᠠᠭ ᠵᠠᠪᠬᠠᠷᠠᠯ ᠢ ᠠᠷᠢᠯᠭᠠᠵᠤ᠂ ᠬᠥᠭᠵᠢᠯ ᠦᠨ ᠪᠣᠳᠣᠯᠭ᠎ᠠ ᠪᠠᠨ ᠬᠠᠮᠲᠤᠷᠠᠨ ᠬᠡᠷᠡᠭᠵᠢᠭᠦᠯᠬᠦ ᠶᠢ ᠪᠤᠰᠤᠳ ᠤᠯᠤᠰ ᠲᠥᠷᠥ ᠶᠢᠨ ᠬᠦᠴᠦᠨ ᠨᠦᠭᠦᠳ ᠲᠦ ᠤᠷᠢᠶᠠᠯᠠᠵᠤ ᠪᠠᠶᠢᠨ᠎ᠠ ᠭᠡᠯ᠎ᠡ᠃
ᠲᠤᠰ ᠨᠠᠮ ᠤᠨ ᠭᠦᠢᠴᠡᠳᠭᠡᠬᠦ ᠲᠣᠪᠴᠢᠶᠠᠨ ᠤ ᠭᠡᠰᠢᠭᠦᠨ ᠼ∙ᠰᠢᠷᠠᠪᠳᠤᠷᠵᠢ ᠄ ᠮᠣᠩᠭᠣᠯ ᠠᠷᠠᠳ ᠤᠨ ᠬᠤᠪᠢᠰᠬᠠᠯᠲᠤ ᠨᠠᠮ ᠬᠠᠤᠯᠢ ᠶᠢ ᠪᠠᠷᠢᠮᠲᠠᠯᠠᠳᠠᠭ᠂ ᠤᠯᠤᠰ ᠣᠷᠣᠨ ᠤ ᠨᠡᠶᠢᠲᠡᠯᠢᠭ ᠡᠷᠬᠡ ᠠᠰᠢᠭ ᠢ ᠳᠡᠭᠡᠳᠦᠯᠡᠳᠡᠭ᠂ ᠪᠣᠳᠣᠯᠭ᠎ᠠ ᠦᠢᠯᠡ ᠠᠵᠢᠯᠯᠠᠭ᠎ᠠ ᠨᠢ ᠢᠯᠡ ᠲᠣᠳᠣ ᠤᠯᠤᠰ ᠲᠥᠷᠥ ᠶᠢᠨ ᠬᠦᠴᠦᠨ᠃ ᠡᠨᠡ ᠦᠵᠡᠯ ᠰᠠᠨᠠᠭᠠᠨ ᠤ ᠳᠠᠭᠠᠤ ᠮᠠᠨ ᠤ ᠡᠭᠡᠯᠵᠢᠲᠦ ᠪᠤᠰᠤ ᠶᠡᠬᠡ ᠴᠢᠭᠤᠯᠭᠠᠨ ᠬᠤᠷᠠᠯᠳᠤᠭᠤᠯᠵᠤ᠂ ᠥᠨᠥ ᠶᠢᠨ ᠤᠯᠤᠰ ᠣᠷᠣᠨ ᠤ ᠨᠡᠶᠢᠭᠡᠮ᠂ ᠡᠳ᠋ ᠍ ᠦᠨ ᠵᠠᠰᠠᠭ ᠤᠨ ᠪᠠᠶᠢᠳᠠᠯ᠂ ᠤᠯᠤᠰ ᠲᠥᠷᠥ ᠶᠢᠨ ᠬᠤᠷᠳᠤᠴᠠ ᠲᠠᠢ ᠥᠭᠡᠷᠡᠴᠢᠯᠡᠯᠲᠡ ᠶᠢᠨ ᠦᠶ᠎ᠡ ᠳᠦ ᠮᠣᠩᠭᠣᠯ ᠠᠷᠠᠳ ᠤᠨ ᠬᠤᠪᠢᠰᠬᠠᠯᠲᠤ ᠨᠠᠮ ᠬᠡᠷᠬᠢᠨ ᠶᠠᠭᠠᠬᠢᠵᠤ ᠠᠵᠢᠯᠯᠠᠬᠤ ᠲᠠᠯ᠎ᠠ ᠪᠠᠷ ᠳᠦᠷᠢᠮ᠂ ᠮᠥᠷ ᠦᠨ ᠬᠥᠲᠥᠯᠪᠦᠷᠢ ᠪᠡᠨ ᠰᠢᠨᠡᠴᠢᠯᠡᠵᠦ ᠪᠠᠲᠤᠯᠠᠭᠰᠠᠨ᠃ ᠮᠠᠨ ᠤ ᠨᠠᠮ ᠤᠨ ᠪᠣᠳᠣᠯᠭ᠎ᠠ᠂ ᠦᠢᠯᠡ ᠠᠵᠢᠯᠯᠠᠭ᠎ᠠ ᠣᠯᠠᠨ ᠲᠦᠮᠡᠨ ᠳᠦ ᠢᠯᠡ ᠲᠣᠳᠣ ᠪᠠᠶᠢᠬᠤ ᠪᠣᠯᠤᠨ᠎ᠠ ᠭᠡᠪᠡ᠃

ᠰᠡᠳᠬᠢᠭᠳᠡᠯ ᠦᠯᠡᠳᠡᠭᠡᠬᠦ