ᠬ ᠂ ᠪᠠᠲᠤᠲᠤᠯᠭ᠎ᠠ ᠸ∙ᠫᠦᠲ᠋ᠢᠨ ᠲᠠᠢ ᠠᠭᠤᠯᠵᠠᠯ᠎ᠠ | News.MN

ᠬ ᠂ ᠪᠠᠲᠤᠲᠤᠯᠭ᠎ᠠ ᠸ∙ᠫᠦᠲ᠋ᠢᠨ ᠲᠠᠢ ᠠᠭᠤᠯᠵᠠᠯ᠎ᠠ

ᠪᠦᠭᠦᠳᠡ ᠨᠠᠶᠢᠷᠠᠮᠳᠠᠬᠤ ᠠᠽᠧᠷᠪᠠᠶᠢᠵᠠᠨ ᠤᠯᠤᠰ ᠲᠤ ᠠᠵᠢᠯ ᠤᠨ ᠠᠶᠢᠯᠴᠢᠯᠠᠯ ᠬᠢᠵᠦ ᠪᠠᠶᠢᠭ᠎ᠠ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠥᠨᠥᠳᠥᠷ ᠪᠠᠺᠦ᠋ ᠬᠤᠲᠠᠨ᠎ᠠ ᠣᠷᠣᠰ  ᠤᠨ ᠶᠡᠷᠦᠩᠬᠡᠶᠢᠯᠡᠭᠴᠢ ᠸ∙ᠫᠦᠲ᠋ᠢᠨ ᠲᠠᠢ ᠠᠭᠤᠯᠵᠠᠯ᠎ᠠ᠃
ᠠᠭᠤᠯᠵᠠᠯᠲᠠ ᠪᠠᠷ ᠬᠣᠶᠠᠷ ᠤᠯᠤᠰ ᠤᠨ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠶᠡᠷᠦᠩᠬᠡᠶᠢᠯᠡᠭᠴᠢ ᠨᠠᠷ ᠰᠠᠨᠠᠯ ᠰᠣᠯᠢᠯᠴᠠᠵᠤ᠂ ᠡᠨᠡ ᠰᠠᠷ᠎ᠠ ᠶᠢᠨ 11-13 ᠍ ᠳᠦ ᠸᠯᠠᠳᠢᠸᠤᠰᠲ᠋ᠤᠺ ᠬᠤᠲᠠᠨ᠎ᠠ ᠪᠣᠯᠤᠭᠰᠠᠨ ᠳᠣᠷᠣᠨ᠎ᠠ ᠶᠢᠨ ᠡᠳ᠋ ᠍ ᠦᠨ ᠵᠠᠰᠠᠭ ᠤᠨ ᠴᠢᠭᠤᠯᠭᠠᠨ ᠤ ᠦᠶ᠎ᠡ ᠪᠡᠷ ᠠᠭᠤᠯᠵᠠᠬᠤ ᠳᠤ ᠪᠠᠨ ᠶᠠᠷᠢᠯᠴᠠᠭᠰᠠᠨ ᠬᠣᠶᠠᠷ ᠣᠷᠣᠨ ᠤ ᠬᠠᠷᠢᠯᠴᠠᠭ᠎ᠠ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ ᠪᠣᠯᠤᠨ ᠡᠳ᠋ ᠍ ᠦᠨ ᠵᠠᠰᠠᠭ ᠤᠨ ᠬᠠᠷᠢᠯᠴᠠᠨ ᠠᠰᠢᠭᠲᠠᠢ ᠬᠠᠮᠲᠤ ᠶᠢᠨ ᠠᠵᠢᠯᠯᠠᠭ᠎ᠠ ᠶᠢ ᠳᠡᠮᠵᠢᠬᠦ ᠠᠰᠠᠭᠤᠳᠠᠯ ᠢᠶᠠᠷ ᠶᠠᠷᠢᠯᠴᠠᠪᠠ᠃ ᠮᠥᠨ ᠮᠣᠩᠭᠣᠯ ᠤᠯᠤᠰ ᠤᠨ ᠶᠡᠷᠦᠩᠬᠡᠶᠢᠯᠡᠭᠴᠢ ᠬ ∙ᠪᠠᠲᠤᠲᠤᠯᠭ᠎ᠠ᠂ ᠪᠦᠭᠦᠳᠡ ᠨᠠᠶᠢᠷᠠᠮᠳᠠᠬᠤ ᠠᠽᠧᠷᠪᠠᠶᠢᠵᠠᠨ ᠤᠯᠤᠰ ᠤᠨ ᠶᠡᠷᠦᠩᠬᠡᠶᠢᠯᠡᠭᠴᠢ ᠢᠯᠾᠠᠮ  ᠠᠯᠢᠶ᠋ᠸ᠂ ᠣᠷᠣᠰ  ᠤᠨ ᠶᠡᠷᠦᠩᠬᠡᠶᠢᠯᠡᠭᠴᠢ ᠸ∙ᠫᠦᠲ᠋ᠢᠨ ᠨᠠᠷ ᠵᠢᠦᠳᠣ᠋ ᠪᠥᠬᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ 32 ᠳ᠋ᠡᠬᠢ ᠤᠳᠠᠭ᠎ᠠ ᠶᠢᠨ ᠪᠠᠭ ᠤᠨ ᠲᠡᠮᠡᠴᠡᠭᠡᠨ ᠦ ᠦᠳᠡ ᠡᠴᠡ ᠡᠮᠦᠨᠡᠬᠢ  ᠪᠠᠷᠢᠯᠳᠤᠭᠠᠨ ᠨᠤᠭᠤᠳ ᠢ ᠦᠵᠡᠵᠦ ᠰᠣᠨᠢᠷᠬᠠᠯ᠎ᠠ᠃

ᠰᠡᠳᠬᠢᠭᠳᠡᠯ ᠦᠯᠡᠳᠡᠭᠡᠬᠦ