︽ᠶᠡᠬᠡ ᠱᠠᠪᠢ︾ ᠳᠡᠪᠵᠢᠶ᠎ᠡ ᠶᠢ ᠰᠢᠨ᠎ᠡ ᠪᠠᠶᠢᠷᠢ ᠲᠠᠢ ᠪᠣᠯᠭᠠᠯ᠎ᠠ | News.MN

︽ᠶᠡᠬᠡ ᠱᠠᠪᠢ︾ ᠳᠡᠪᠵᠢᠶ᠎ᠡ ᠶᠢ ᠰᠢᠨ᠎ᠡ ᠪᠠᠶᠢᠷᠢ ᠲᠠᠢ ᠪᠣᠯᠭᠠᠯ᠎ᠠ

ᠮᠡᠷᠭᠡᠵᠢᠯ ᠦᠨ ᠰᠦᠮᠦᠦ ᠪᠥᠬᠡ ᠶᠢᠨ ᠶᠡᠬᠡ ᠠᠪᠤᠷᠭᠤ ᠬᠠᠺᠤᠬᠤ᠋ 41 ᠳ᠋ᠡᠬᠢ ᠲᠦᠷᠦᠭᠦᠦ  ᠪᠠᠨ ᠬᠦᠷᠲᠡᠭᠰᠡᠨ ᠦ ᠪᠡᠨ ᠳᠠᠷᠠᠭ᠎ᠠ ᠮᠣᠩᠭᠣᠯ  ᠳᠦ ᠪᠠᠨ ᠶᠠᠭᠠᠷᠠᠨ ᠢᠷᠡᠭᠰᠡᠨ ᠨᠢ ᠳᠠᠷᠬᠠᠨ ᠠᠪᠤᠷᠭᠤ᠂ ᠮᠣᠩᠭᠣᠯ ᠤᠨ ᠠᠷᠠᠳ ᠲᠦᠮᠡᠨ ᠦ ᠬᠠᠶᠢᠷᠠᠲᠠᠢ ᠪᠥᠬᠡ ᠵᠢᠭᠵᠢᠳ ᠦᠨ ᠮᠥᠩᠬᠡᠪᠠᠲᠤ ᠶᠢᠨ ᠡᠭᠦᠰᠬᠡᠨ ᠪᠠᠶᠢᠭᠤᠯᠤᠭᠰᠠᠨ ᠪᠥᠬᠡ ᠶᠢᠨ ᠨᠢᠭᠡᠨ ᠰᠠᠶᠢᠬᠠᠨ ᠥᠷᠭᠦᠭᠡᠨ ᠦ ᠦᠢᠯᠡ ᠬᠡᠷᠡᠭ ᠢ ᠥᠷᠭᠡᠳᠬᠡᠬᠦ ᠲᠡᠢ ᠬᠣᠯᠪᠣᠭ᠎ᠠ ᠲᠠᠢ ᠪᠠᠶᠢᠴᠠᠢ᠃
ᠮᠣᠩᠭᠣᠯ ᠤᠨ ᠬᠦᠴᠦᠲᠦ ᠪᠥᠬᠡᠴᠦᠳ᠂ ᠠᠭᠤᠤ ᠲᠠᠮᠢᠷᠴᠢᠳ ᠲᠥᠷᠥᠨ ᠭᠠᠷᠤᠭᠰᠠᠨ᠂ ᠪᠥᠬᠡ ᠶᠢᠨ ᠡᠷᠳᠡᠮ ᠤᠬᠠᠭᠠᠨ᠂ ᠬᠦᠴᠦ ᠪᠢᠷ᠎ᠠ᠂ ᠰᠤᠷᠭᠠᠯᠲᠠ ᠶᠢᠨ ᠠᠭᠤᠷᠬᠠᠢ ᠪᠣᠯᠤᠭᠰᠠᠨ ︽ᠶᠡᠬᠡ ᠱᠠᠪᠢ》 ᠳᠡᠪᠵᠢᠶ᠎ᠡ ᠥᠨᠥᠳᠥᠷ ᠡᠴᠡ ᠡᠬᠢᠯᠡᠨ ᠰᠢᠨ᠎ᠡ ᠪᠠᠶᠢᠷᠢ ᠲᠠᠢ᠂ ᠰᠢᠨ᠎ᠡ ᠦᠢᠯᠡ ᠠᠵᠢᠯᠯᠠᠭ᠎ᠠ ᠲᠠᠢ ᠪᠣᠯᠵᠤ ᠥᠷᠭᠡᠵᠢᠨ ᠲᠡᠯᠡᠯ᠎ᠡ᠃ ︽ᠶᠡᠬᠡ ᠱᠠᠪᠢ 》ᠰᠫᠣᠷᠲ ᠰᠤᠷᠭᠠᠯᠲᠠ ᠶᠢᠨ ᠲᠥᠪ ᠦᠨ ᠰᠢᠨ᠎ᠡ ᠪᠠᠶᠢᠷᠢᠨ ᠤ ᠨᠡᠭᠡᠭᠡᠯᠲᠡ ᠳᠦ ᠦᠶ᠎ᠡ ᠦᠶ᠎ᠡ ᠶᠢᠨ ᠤᠯᠢᠮᠫᠢᠺ ᠤᠨ ᠮᠸᠳᠠᠯᠳᠠᠨ ᠨᠤᠭᠤᠳ᠂ ᠦᠨᠳᠦᠰᠦᠨ ᠦ ᠪᠥᠬᠡ ᠶᠢᠨ ᠠᠪᠤᠷᠭᠤ ᠨᠤᠭᠤᠳ᠂ ᠵᠢᠦ᠋ᠳᠣ᠋᠂ ᠰᠠᠮᠪᠣ᠂ ᠴᠢᠯᠦᠭᠡᠲᠦ ᠪᠥᠬᠡ ᠶᠢᠨ  ᠬᠤᠯᠪᠤᠭᠠᠳ ᠂ ᠲᠤᠰ ᠰᠤᠷᠭᠠᠭᠤᠯᠢ ᠶᠢᠨ ᠲᠡᠭᠦᠰᠦᠭᠴᠢᠳ ᠪᠣᠯᠬᠤ ᠰᠫᠣᠷᠲ ᠤᠨ ᠠᠯᠳᠠᠷᠲᠠᠨ ᠨᠤᠭᠤᠳ ᠣᠷᠣᠯᠴᠠᠵᠤ᠂ ᠬᠦᠨᠳᠦᠳᠬᠡᠯ ᠢᠯᠡᠷᠬᠡᠶᠢᠯᠡᠭᠰᠡᠨ ᠶᠤᠮ᠃
ᠮ ᠂ ᠠᠮᠤᠷᠵᠢᠷᠭᠠᠯ

ᠰᠡᠳᠬᠢᠭᠳᠡᠯ ᠦᠯᠡᠳᠡᠭᠡᠬᠦ