ᠨ∙ᠠᠶᠢᠱᠤᠯᠫᠠᠨ ᠳᠤ 20 ᠮᠢᠩᠭᠠᠨ ᠳ᠋ᠣᠯᠯᠠᠷ ᠤᠨ ᠲᠡᠳᠬᠦᠯᠭᠡ ᠤᠯᠭᠤᠨ᠎ᠠ | News.MN

ᠨ∙ᠠᠶᠢᠱᠤᠯᠫᠠᠨ ᠳᠤ 20 ᠮᠢᠩᠭᠠᠨ ᠳ᠋ᠣᠯᠯᠠᠷ ᠤᠨ ᠲᠡᠳᠬᠦᠯᠭᠡ ᠤᠯᠭᠤᠨ᠎ᠠ

ᠡᠨᠡ ᠰᠠᠷ᠎ᠠ ᠶᠢᠨ 24 ᠍ ᠦ ᠡᠳᠦᠷ ᠬᠠᠰᠠᠭᠰᠲ᠋ᠠᠨ ᠤᠯᠤᠰ ᠤᠨ ᠪᠣᠯᠪᠠᠰᠤᠷᠠᠯ ᠰᠢᠨᠵᠢᠯᠡᠬᠦ ᠤᠬᠠᠭᠠᠨ ᠤ ᠶᠠᠮᠤᠨ ᠤ ᠰᠠᠶᠢᠳ ᠶᠸᠷᠯᠠᠨ ᠰᠠᠭᠠᠳᠢᠶ᠋ᠸ ᠪᠥᠷᠭᠥᠳᠴᠢᠨ ᠥᠬᠢᠨ ᠨ∙ ᠠᠶᠢᠱᠤᠯᠫᠠᠨ  ᠢ ᠬᠦᠯᠢᠶᠡᠨ ᠠᠪᠴᠤ ᠠᠭᠤᠯᠵᠠᠭᠰᠠᠨ ᠪᠠᠶᠢᠨ᠎ᠠ᠃ ᠠᠭᠤᠯᠵᠠᠯᠲᠠ ᠶᠢᠨ ᠦᠶ᠎ᠡ ᠪᠡᠷ ᠲᠤᠰ ᠤᠯᠤᠰ ᠤᠨ 《ᠪᠣᠯᠪᠠᠰᠤᠷᠠᠯ-ᠢᠨᠨᠣᠸᠠᠼᠢ》ᠣᠯᠠᠨ ᠤᠯᠤᠰ ᠤᠨ ᠰᠠᠩ ᠤᠨ ᠶᠡᠷᠦᠩᠬᠡᠶᠢᠯᠡᠭᠴᠢ ᠳᠠᠷᠬᠠᠨ ᠥᠲ᠋ᠧ ᠪᠥᠷᠭᠥᠳᠴᠢᠨ ᠥᠬᠢᠨ ᠢ Spectrumᠣᠯᠠᠨ ᠤᠯᠤᠰ ᠤᠨ ᠰᠤᠷᠭᠠᠭᠤᠯᠢ ᠳᠤ ᠶᠡᠷᠦᠩᠬᠡᠢ ᠪᠣᠯᠪᠠᠰᠤᠷᠠᠯ ᠪᠣᠯᠤᠨ ᠬᠡᠯᠡᠨ ᠦ ᠴᠢᠭᠯᠡᠯ ᠢᠶᠡᠷ ᠬᠣᠶᠠᠷ ᠵᠢᠯ ᠦᠨ ᠬᠤᠭᠤᠴᠠᠭ᠎ᠠ ᠪᠠᠷ ᠰᠤᠷᠤᠯᠴᠠᠭᠤᠯᠬᠤ ᠪᠠᠷ ᠪᠣᠯᠵᠤ᠂ ᠲᠡᠭᠦᠨ ᠳᠦ ᠵᠣᠷᠢᠭᠤᠯᠤᠨ 20 ᠮᠢᠩᠭᠠᠨ ᠳ᠋ᠣᠯᠯᠠᠷ ᠤᠨ ᠲᠡᠳᠬᠦᠯᠭᠡ ᠣᠯᠭᠤᠵᠤ ᠪᠠᠶᠢᠭ᠎ᠠ ᠪᠠᠨ ᠮᠡᠳᠡᠭᠳᠡᠭᠰᠡᠨ ᠪᠠᠶᠢᠨ᠎ᠠ᠃
ᠨ∙ᠠᠶᠢᠱᠤᠯᠫᠠᠨ ᠢ 2017 ᠣᠨ ᠳᠤ ᠬᠠᠷᠸᠠᠷᠳ᠋ ᠪᠣᠯᠤᠨ ᠣᠺᠰᠹᠣᠷᠳ᠋ ᠤᠨ ᠶᠡᠬᠡ ᠰᠤᠷᠭᠠᠭᠤᠯᠢ

ᠳᠤ ᠣᠶᠤᠲᠠᠨ ᠢᠶᠠᠷ ᠡᠯᠰᠡᠬᠦ ᠤᠷᠢᠯᠭ᠎ᠠ ᠠᠪᠤᠭᠰᠠᠨ ᠪᠢᠯᠡ᠃ ᠬᠠᠰᠠᠭᠰᠲ᠋ᠠᠨ ᠤ ᠪᠣᠯᠪᠠᠰᠤᠷᠠᠯ ᠰᠢᠨᠵᠢᠯᠡᠬᠦ ᠤᠬᠠᠭᠠᠨ ᠤ ᠰᠠᠶᠢᠳ ᠶᠸᠷᠯᠠᠨ ᠰᠠᠭᠠᠳᠢᠶ᠋ᠸ ᠪᠥᠷᠭᠥᠳᠴᠢᠨ ᠥᠬᠢᠨ ᠢ ᠲᠤᠰ ᠤᠯᠤᠰ ᠤᠨ ᠬᠦᠰᠡᠭᠰᠡᠨ ᠶᠡᠬᠡ ᠳᠡᠭᠡᠳᠦ ᠰᠤᠷᠭᠠᠭᠤᠯᠢ ᠳᠤ ᠡᠯᠰᠡᠬᠦ ᠳᠦ ᠨᠢ ᠳᠡᠮᠵᠢᠯᠭᠡ ᠦᠵᠡᠭᠦᠯᠬᠦ ᠪᠡᠨ  ᠢᠯᠡᠷᠬᠡᠶᠢᠯᠡᠭᠰᠡᠨ ᠪᠠᠶᠢᠨ᠎ᠠ᠃ ᠨ∙ᠠᠶᠢᠱᠤᠯᠫᠠᠨ ᠰᠠᠶ᠋ᠢᠬᠠᠨ ᠢ ᠬᠦᠷᠲᠡᠯ᠎ᠡ ᠪᠠᠶᠠᠨ-ᠥᠯᠥᠭᠡᠢ ᠠᠶᠢᠮᠠᠭ ᠤᠨ ᠥᠯᠥᠭᠡᠢ ᠬᠤᠲᠠ ᠳᠤ ᠶᠡᠷᠦᠩᠬᠡᠢ ᠪᠣᠯᠪᠠᠰᠤᠷᠠᠯ ᠤᠨ ︽ᠽᠠᠶᠢᠳ᠋︾ ᠰᠤᠷᠭᠠᠭᠤᠯᠢ ᠶᠢᠨ 12 ᠳ᠋ᠤᠭᠠᠷ ᠠᠩᠭᠢ ᠳᠤ ᠰᠤᠷᠤᠯᠴᠠᠵᠤ ᠪᠠᠶᠢᠪᠠ᠃
ᠳ ᠂ ᠲᠤᠶᠠᠭ᠎ᠠ

ᠰᠡᠳᠬᠢᠭᠳᠡᠯ ᠦᠯᠡᠳᠡᠭᠡᠬᠦ