ᠣᠷᠣᠰ ᠮᠣᠩᠭᠣᠯ ᠤᠨ ᠬᠠᠮᠲᠤᠷᠠᠭᠰᠠᠨ ᠴᠡᠷᠢᠭ ᠦᠨ ᠰᠤᠷᠭᠠᠭᠤᠯᠢᠯᠠᠯ ᠪᠣᠯᠤᠨ᠎ᠠ | News.MN

ᠣᠷᠣᠰ ᠮᠣᠩᠭᠣᠯ ᠤᠨ ᠬᠠᠮᠲᠤᠷᠠᠭᠰᠠᠨ ᠴᠡᠷᠢᠭ ᠦᠨ ᠰᠤᠷᠭᠠᠭᠤᠯᠢᠯᠠᠯ ᠪᠣᠯᠤᠨ᠎ᠠ

ᠣᠷᠣᠰ ᠮᠣᠩᠭᠣᠯ ᠤᠨ ︽ᠰᠡᠯᠡᠩᠭᠡ 2018︾ ᠬᠠᠮᠲᠤᠷᠠᠭᠰᠠᠨ ᠴᠡᠷᠢᠭ ᠦᠨ ᠰᠤᠷᠭᠠᠭᠤᠯᠢᠯᠠᠯ ᠣᠷᠣᠰ ᠤᠨ ᠬᠣᠯᠪᠣᠭᠠᠨ ᠤ ᠤᠯᠤᠰ ᠤᠨ ᠪᠤᠷᠢᠶᠠᠳ ᠤᠯᠤᠰ ᠲᠤ ᠡᠨᠡ ᠰᠠᠷ᠎ᠠ ᠶᠢᠨ 29 ᠍ ᠳᠦ ᠡᠬᠢᠯᠡᠬᠦ ᠭᠡᠵᠦ ᠪᠠᠶᠢᠨ᠎ᠠ᠃ ᠴᠡᠷᠢᠭ ᠦᠨ ᠰᠤᠷᠭᠠᠭᠤᠯᠢᠯᠠᠯ ᠪᠤᠷᠢᠶᠠᠳ ᠤᠨ ᠪᠤᠷᠳᠣᠨᠢ ᠴᠡᠷᠢᠭ ᠦᠨ ᠪᠠᠭᠠᠽ ᠳᠤ ᠪᠣᠯᠬᠤ ᠶᠤᠮ᠃ ᠣᠷᠣᠰ ᠤᠨ ᠪᠠᠲᠤᠯᠠᠨ ᠬᠠᠮᠠᠭᠠᠯᠠᠬᠤ ᠶᠠᠮᠤᠨ ᠤ ᠮᠡᠳᠡᠭᠡᠯᠡᠭᠰᠡᠨ ᠢᠶᠡᠷ᠂ ᠰᠤᠷᠭᠠᠭᠤᠯᠢᠯᠠᠯ  ᠳᠤ ᠬᠣᠶᠠᠷ ᠲᠠᠯ᠎ᠠ ᠶᠢᠨ ᠲᠠᠩᠺ ᠤᠨ ᠪᠠᠲ᠋ᠯᠢᠶᠣᠨ ᠤᠷᠤᠯᠴᠠᠬᠤ ᠶᠤᠮ ᠪᠠᠶᠢᠨ᠎ᠠ᠃  ᠬᠣᠶᠠᠷ ᠤᠯᠤᠰ ᠡᠮᠦᠨ᠎ᠡ ᠨᠢ ᠲᠠᠩᠺ ᠤᠨ ᠪᠠᠲ᠋ᠯᠢᠶᠣᠨ ᠤ ᠬᠠᠮᠲᠤᠷᠠᠭᠰᠠᠨ ᠴᠡᠷᠢᠭ ᠦᠨ ᠰᠤᠷᠭᠠᠭᠤᠯᠢᠯᠠᠯ ᠬᠢᠵᠦ ᠪᠠᠶᠢᠭᠰᠠᠨ ᠴᠤ ᠡᠨᠡ ᠤᠳᠠᠭ᠎ᠠ ᠶᠢᠨ ᠬᠢ ᠲᠧᠭᠨᠢᠭ᠂ ᠠᠯᠪᠠ ᠬᠠᠭᠠᠭᠴᠢᠳ ᠤᠨ ᠬᠤᠪᠢ ᠳᠤ ᠣᠯᠠᠨ ᠬᠦᠮᠦᠨ ᠢ ᠬᠠᠮᠤᠷᠴᠤ ᠪᠠᠶᠢᠭ᠎ᠠ ᠪᠠᠷ ᠢᠶᠠᠨ ᠣᠨᠴᠠᠯᠢᠭ ᠠᠵᠠᠢ ᠃
ᠣᠷᠣᠰ ᠪᠣᠯᠤᠨ ᠮᠣᠩᠭᠣᠯ ᠤᠨ ᠲᠠᠩᠺ ᠤᠨ ᠪᠠᠲ᠋ᠯᠢᠶᠣᠨ ᠤ ᠰᠲᠷᠠᠲ᠋ᠧᠭᠢ ᠶᠢ ᠪᠡᠬᠢᠵᠢᠭᠦᠯᠬᠦ᠂ ᠴᠡᠷᠢᠭ ᠦᠳ ᠦᠨ ᠤᠷ᠎ᠠ ᠴᠢᠳᠠᠪᠤᠷᠢ ᠶᠢ ᠳᠡᠭᠡᠭᠰᠢᠯᠡᠭᠦᠯᠬᠦ ᠳᠦ ᠬᠠᠮᠲᠤᠷᠠᠭᠰᠠᠨ ᠴᠡᠷᠢᠭ ᠦᠨ  ᠰᠤᠷᠭᠠᠭᠤᠯᠢᠯᠠᠯ ᠣᠨᠴᠠᠯᠠᠬᠤ ᠡᠭᠦᠷᠭᠡ ᠲᠡᠢ ᠶᠢ ᠣᠷᠣᠰ ᠤᠨ ᠲᠠᠯ᠎ᠠ ᠣᠨᠴᠠᠯᠠᠵᠠᠢ᠃《ᠰᠡᠯᠡᠩᠭᠡ2018》ᠴᠡᠷᠢᠭ ᠦᠨ ᠰᠤᠷᠭᠠᠭᠤᠯᠢᠯᠠᠯ ᠠᠷᠪᠠᠳᠤᠭᠠᠷ ᠰᠠᠷ᠎ᠠ ᠶᠢᠨ 12 ᠍ ᠤ ᠡᠳᠦᠷ ᠥᠨᠳᠥᠷᠯᠡᠬᠦ ᠪᠥᠭᠡᠳ ᠬᠣᠶᠠᠷ ᠲᠠᠯ᠎ᠠ ᠠᠴᠠ ᠨᠡᠶᠢᠲᠡ ᠳᠦ ᠪᠡᠨ 1000 ᠭᠠᠷᠤᠢ ᠠᠯᠪᠠ ᠬᠠᠭᠠᠭᠴᠢ ᠤᠷᠤᠯᠴᠠᠬᠤ ᠶᠤᠮ ᠪᠠᠶᠢᠨ᠎ᠠ᠃
ᠮ ᠂ ᠠᠮᠤᠷᠵᠢᠷᠭᠠᠯ

ᠰᠡᠳᠬᠢᠭᠳᠡᠯ ᠦᠯᠡᠳᠡᠭᠡᠬᠦ

1 ᠰᠡᠳᠬᠢᠭᠳᠡᠯ

News.MN

News.MN 2018-09-27 202.70.42.102

сэтгэгдэл бичье