ᠲᠦᠪ ᠪᠠᠩᠬᠢ ᠳ᠋ᠣᠯᠯᠠᠷ ᠤᠨ ᠥᠰᠦᠯᠲᠡ ᠶᠢ ︽ᠠᠵᠢᠭᠯᠠᠵᠤ︾ ᠪᠠᠶᠢᠨ᠎ᠠ | News.MN

ᠲᠦᠪ ᠪᠠᠩᠬᠢ ᠳ᠋ᠣᠯᠯᠠᠷ ᠤᠨ ᠥᠰᠦᠯᠲᠡ ᠶᠢ ︽ᠠᠵᠢᠭᠯᠠᠵᠤ︾ ᠪᠠᠶᠢᠨ᠎ᠠ

ᠳ᠋ᠣᠯᠯᠠᠷ ᠤᠨ ᠬᠠᠩᠰᠢ 2018.08.18 ᠍ ᠤ ᠡᠳᠦᠷ 2467 ᠲᠥᠭᠥᠷᠢᠭ ᠪᠠᠶᠢᠭᠰᠠᠨ ᠪᠣᠯ ᠶᠡᠷᠦ ᠳᠡᠭᠡᠨ ᠰᠠᠷ᠎ᠠ ᠶᠢᠨ ᠳᠠᠷᠠᠭ᠎ᠠ ᠪᠤᠶᠤ 2018.09.18 ᠍ ᠤ ᠡᠳᠦᠷ 2500 ᠲᠥᠭᠥᠷᠢᠭ ᠪᠣᠯᠵᠤ᠂ ᠨᠢᠭᠡ ᠰᠠᠷ᠎ᠠ ᠶᠢᠨ ᠬᠤᠭᠤᠴᠠᠭᠠᠨ ᠳᠤ 33 ᠲᠥᠭᠥᠷᠢᠭ ᠢᠶᠡᠷ ᠥᠰᠦᠭᠰᠡᠨ ᠶᠤᠮ᠃ ᠤᠯᠠᠮ ᠢᠶᠠᠷ 2018.09.18 ᠍ ᠤ ᠡᠳᠦᠷ ᠡᠴᠡ ᠬᠣᠶᠢᠰᠢᠬᠢ ᠳᠣᠯᠣᠭ᠎ᠠ ᠬᠣᠨᠣᠭ ᠤᠨ ᠬᠤᠭᠤᠴᠠᠭᠠᠨ ᠳᠤ 44 ᠲᠥᠭᠥᠷᠢᠭ ᠦᠨ ᠥᠰᠦᠯᠲᠡ ᠦᠵᠡᠭᠦᠯᠦᠭᠡᠳ ᠪᠠᠶᠢᠨ᠎ᠠ᠃ ᠲᠥᠪ ᠪᠠᠩᠬᠢᠨ ᠤ  ᠬᠢᠨ ᠳ᠋ᠣᠯᠯᠠᠷ ᠤᠨ ᠥᠰᠦᠯᠲᠡ ᠶᠢ ᠤᠯᠠᠷᠢᠯ ᠤᠨ ᠰᠢᠨᠵᠢᠲᠡᠢ᠂ ᠪᠣᠭᠣᠨᠢ ᠬᠤᠭᠤᠴᠠᠭᠠᠨ ᠤ ᠦᠵᠡᠭᠳᠡᠯ ᠭᠡᠵᠦ ᠲᠠᠶᠢᠯᠪᠤᠷᠢᠯᠠᠵᠤ ᠪᠤᠢ᠃ ᠳ᠋ᠣᠯᠯᠠᠷ ᠤᠨ ᠥᠰᠦᠯᠲᠡ ᠬᠦᠴᠦᠲᠡᠢ ᠡᠷᠴᠢᠮᠵᠢᠵᠦ ᠡᠬᠢᠯᠡᠭᠰᠡᠨ ᠳᠣᠯᠣᠭ᠎ᠠ ᠬᠣᠨᠣᠭ ᠤᠨ ᠬᠤᠭᠤᠴᠠᠭᠠᠨ ᠳᠤ ᠮᠣᠩᠭᠣᠯ ᠪᠠᠩᠬᠢ ᠬᠣᠶᠠᠷ ᠤᠳᠠᠭ᠎ᠠ ᠶᠢᠨ ᠢᠨᠲ᠋ᠧᠷᠸᠧᠨᠼ᠂ ᠨᠡᠶᠢᠲᠡ 52 ᠰᠠᠶ᠎ᠠ ᠳ᠋ᠣᠯᠯᠠᠷ ᠤᠨ ᠨᠡᠶᠢᠯᠡᠭᠦᠯᠦᠯᠲᠡ ᠬᠢᠵᠡᠢ᠃ ᠬᠠᠷᠢᠨ ᠪᠠᠩᠬᠢ ᠨᠤᠭᠤᠳ ᠠᠴᠠ ᠢᠷᠡᠭᠰᠡᠨ ᠬᠦᠰᠡᠯᠲᠡ ᠶᠢᠨ ᠨᠡᠶᠢᠲᠡ ᠬᠡᠮᠵᠢᠶ᠎ᠡ 169 ᠰᠠᠶ᠎ᠠ ᠳ᠋ᠣᠯᠯᠠᠷ ᠪᠠᠶᠢᠭ᠎ᠠ ᠶᠤᠮ᠃ ᠮᠣᠩᠭᠣᠯ  ᠪᠠᠩᠭᠢ  ︽ᠳ᠋ᠣᠯᠯᠠᠷ ᠤᠨ ᠬᠠᠩᠰᠢ ᠴᠢᠨᠠᠭᠰᠢᠳᠠ ᠪᠠᠭᠤᠷᠠᠬᠤ ᠦᠭᠡᠢ ᠦᠷᠭᠦᠯᠵᠢᠯᠡᠨ ᠥᠰᠦᠭᠰᠡᠨ ᠲᠣᠬᠢᠶᠠᠯᠳᠤᠯ ᠳᠤ ᠮᠥᠩᠭᠥᠨ ᠦ ᠪᠣᠳᠣᠯᠭ᠎ᠠ ᠶᠢᠨ ᠵᠥᠪᠯᠡᠯ ᠡᠭᠡᠯᠵᠢᠲᠦ ᠪᠤᠰᠤ ᠪᠠᠷ ᠬᠤᠷᠠᠯᠳᠤᠵᠤ᠂ ᠪᠣᠳᠣᠯᠭ᠎ᠠ ᠶᠢᠨ ᠠᠷᠭ᠎ᠠ ᠬᠡᠮᠵᠢᠶ᠎ᠡ ᠠᠪᠬᠤ ᠰᠢᠢᠳᠪᠦᠷᠢ ᠭᠠᠷᠭᠠᠬᠤ ᠪᠣᠯᠤᠮᠵᠢ ᠲᠠᠢ᠃ ᠭᠡᠪᠡᠴᠦ ᠣᠳᠣ ᠪᠠᠷ ᠢᠨᠲ᠋ᠧᠷᠸᠧᠨᠼ ᠬᠢᠬᠦ ᠵᠠᠮ ᠢᠶᠠᠷ ᠥᠰᠦᠯᠲᠡ ᠶᠢ ᠠᠵᠢᠭᠯᠠᠬᠤ ᠪᠠᠶᠢᠳᠠᠯ ᠲᠠᠢ ᠪᠠᠶᠢᠨ᠎ᠠ᠃ ᠤᠴᠢᠷ ᠨᠢ ᠬᠠᠩᠰᠢ ᠶᠢᠨ ᠥᠭᠡᠷᠡᠴᠢᠯᠡᠯᠲᠡ ᠨᠢ ᠤᠯᠠᠷᠢᠯ ᠤᠨ ᠴᠢᠨᠠᠷᠲᠠᠢ᠂ ᠭᠠᠳᠠᠭᠠᠳᠤ ᠬᠦᠴᠦᠨ ᠵᠦᠢᠯ ᠡᠴᠡ ᠰᠢᠯᠲᠠᠭᠠᠯᠠᠭᠰᠠᠨ ᠰᠢᠨᠵᠢ ᠲᠡᠢ ᠪᠠᠶᠢᠭ᠎ᠠ ᠶᠤᠮ ᠭᠡᠰᠡᠨ ᠲᠠᠶᠢᠯᠪᠤᠷᠢ ᠥᠭᠴᠦ ᠪᠠᠶᠢᠨ᠎ᠠ᠃
ᠥᠴᠥᠭᠡᠳᠦᠷ ᠮᠣᠩᠭᠣᠯ  ᠪᠠᠩᠭᠢ ᠶᠢᠨ ᠶᠡᠷᠦᠩᠬᠡᠶᠢᠯᠡᠭᠴᠢ ᠨ∙ᠪᠠᠶᠠᠷᠲᠤᠰᠠᠶᠢᠬᠠᠨ 《ᠲᠥᠷᠥ ᠡᠴᠡ ᠮᠥᠩᠭᠥᠨ ᠦ ᠪᠣᠳᠣᠯᠭ᠎ᠠ ᠶᠢᠨ ᠲᠠᠯ᠎ᠠ ᠪᠠᠷ 2019 ᠣᠨ ᠳᠤ ᠪᠠᠷᠢᠮᠲᠠᠯᠠᠬᠤ ᠦᠨᠳᠦᠰᠦᠨ ᠴᠢᠭᠯᠡᠯ ᠦᠨ ᠲᠥᠰᠥᠯ 》 ᠢ  ᠡᠷᠭᠦᠨ ᠪᠠᠷᠢᠬᠤ ᠦᠶ᠎ᠡ ᠪᠡᠷ ᠢᠶᠡᠨ ᠲᠥᠭᠥᠷᠢᠭ ᠦᠨ ᠬᠠᠩᠰᠢ ᠳ᠋ᠣᠯᠯᠠᠷ ᠤᠨ ᠡᠰᠡᠷᠭᠦ ᠣᠨ ᠭᠠᠷᠤᠭᠰᠠᠨ ᠠᠴᠠ ᠬᠣᠶᠢᠰᠢ 3.9 ᠬᠤᠪᠢ ᠪᠠᠷ ᠰᠤᠯᠠᠷᠠᠭᠰᠠᠨ ᠨᠢ ᠪᠤᠰᠤᠳ ᠤᠯᠤᠰ ᠤᠳ ᠲᠠᠢ ᠬᠠᠷᠢᠴᠠᠭᠤᠯᠬᠤ ᠳᠤ ᠲᠣᠭᠲᠠᠪᠤᠷᠢᠲᠠᠢ ᠦᠵᠡᠭᠦᠯᠦᠯᠲᠡ ᠭᠡᠵᠦ ᠲᠣᠳᠣᠳᠬᠠᠪᠠ᠃ ᠲᠡᠷᠡ ᠪᠡᠷ ᠄ ᠠᠷᠭ᠍ᠸᠨᠲ᠋ᠢᠨ ‍ᠣ ᠲᠥᠪ ᠪᠠᠩᠬᠢ ᠪᠣᠳᠣᠯᠭ᠎ᠠ ᠶᠢᠨ ᠬᠦᠦ ᠪᠡᠨ 60 ᠬᠤᠪᠢ ᠪᠣᠯᠭᠠᠯ᠎ᠠ᠃ ᠲᠦᠷᠺ ᠦᠨ ᠲᠥᠪ ᠪᠠᠩᠬᠢ ᠪᠣᠳᠣᠯᠭ᠎ᠠ ᠶᠢᠨ ᠬᠦᠦ ᠪᠡᠨ 24 ᠬᠤᠪᠢ ᠪᠣᠯᠭᠠᠨ ᠨᠡᠮᠡᠭᠳᠡᠭᠦᠯᠦᠭᠰᠡᠨ᠃ ᠳᠡᠯᠡᠬᠡᠢ ᠳ᠋ᠠᠬᠢᠨ ᠳᠤ ᠡᠭᠦᠰᠦᠭᠡᠳ ᠪᠠᠶᠢᠭ᠎ᠠ ᠰᠠᠩᠬᠦᠦ ᠶᠢᠨ ᠨᠥᠬᠥᠴᠡᠯ ᠪᠠᠶᠢᠳᠠᠯ ᠠᠴᠠ ᠡᠭᠦᠳᠴᠦ᠂ ᠤᠯᠤᠰ ᠣᠷᠣᠨ ᠨᠤᠭᠤᠳ ᠪᠣᠳᠣᠯᠭ᠎ᠠ ᠶᠢᠨ ᠬᠦᠦ ᠪᠡᠨ ᠨᠡᠮᠡᠭᠳᠡᠭᠦᠯᠵᠦ ᠪᠠᠶᠢᠨ᠎ᠠ᠃ ᠬᠠᠷᠢᠨ ᠮᠣᠩᠭᠣᠯ ᠪᠠᠩᠬᠢ ᠪᠣᠳᠣᠯᠭ᠎ᠠ ᠶᠢᠨ ᠬᠦᠦ ᠪᠡᠨ ᠬᠡᠪ ᠢᠶᠡᠷ ᠬᠠᠳᠠᠭᠠᠯᠠᠬᠤ ᠪᠠᠷ  ᠰᠢᠢᠳᠦᠭᠰᠡᠨ ᠭᠡᠵᠦ ᠮᠡᠳᠡᠭᠳᠡᠭᠰᠡᠨ ᠶᠤᠮ᠃ ᠡᠨᠳᠡ ᠠᠩᠬᠠᠷᠤᠭᠤᠰᠢᠲᠠᠢ ᠨᠢ᠂ ᠤᠯᠤᠰ ᠲᠥᠷᠥ ᠶᠢᠨ ᠨᠥᠬᠥᠴᠡᠯ ᠪᠠᠶᠢᠳᠠᠯ ᠨᠢ ᠠᠮᠧᠷᠢᠺᠠ ᠶᠢᠨ ᠵᠠᠭᠤᠯᠲᠠ ᠳᠤ ᠪᠤᠢ᠂ ᠶᠡᠷᠦᠩᠬᠡᠶᠢᠯᠡᠭᠴᠢ ᠶᠢᠨ ᠵᠠᠰᠠᠭᠯᠠᠯ ᠲᠠᠢ᠂ ᠡᠳ᠋ ᠍ ᠦᠨ ᠵᠠᠰᠠᠭ ᠨᠢ ᠡᠺᠰᠲᠷᠧᠮ ᠰᠢᠨᠵᠢ ᠤᠷᠤᠭᠤ ᠣᠷᠣᠭᠰᠠᠨ ᠲᠦᠷᠺ ᠤᠯᠤᠰ᠂ ᠨᠥᠭᠥᠭᠡ ᠲᠠᠯ᠎ᠠ ᠳᠤ ᠲᠥᠰᠥᠪ ᠰᠠᠩᠬᠦᠦ ᠨᠢ ᠪᠦᠷ ᠪᠣᠯᠬᠤ ᠪᠠᠨ ᠪᠠᠶᠢᠵᠤ᠂ ᠣᠯᠠᠨ ᠤᠯᠤᠰ ᠤᠨ ᠸᠠᠯᠢᠶᠤᠲ  ᠤᠨ  ᠰᠠᠩ  ᠠᠴᠠ 50 ᠰᠠᠶ᠎ᠠ ᠪᠢᠯᠯᠢᠶᠤᠨ ᠠᠪᠤᠭᠰᠠᠨ ᠠᠷᠭᠧᠨᠲ᠋ᠢᠨ ᠲᠠᠢ ᠤᠯᠤᠰ ᠤᠨ ᠢᠶᠠᠨ ᠡᠳ᠋ ᠍ ᠦᠨ ᠵᠠᠰᠠᠭ ᠂ ᠲᠥᠪ ᠪᠠᠩᠬᠢᠨ ᠤ ᠦᠢᠯᠡ ᠠᠵᠢᠯᠯᠠᠭ᠎ᠠ ᠶᠢ ᠬᠠᠷᠢᠴᠠᠭᠤᠯᠬᠤ ᠨᠢ ᠬᠢᠷᠢ ᠵᠥᠪ ᠪᠤᠢ ᠭᠡᠳᠡᠭ ᠠᠰᠠᠭᠤᠯᠲᠠ ᠭᠠᠷᠴᠤ ᠢᠷᠡᠵᠦ ᠪᠠᠶᠢᠨ᠎ᠠ᠃

ᠣᠳᠣ ᠠᠷᠭᠧᠨᠲ᠋ᠢᠨ ᠳᠤ ᠢᠨᠹᠯᠢᠶᠠᠼ 34 ᠬᠤᠪᠢ᠂  ᠲᠦᠷᠺ 18 ᠬᠤᠪᠢ ᠪᠠᠶᠢᠭ᠎ᠠ ᠠᠵᠠᠢ ᠃
ᠭᠡᠲᠡᠯ᠎ᠡ ᠮᠠᠨ ᠤ ᠤᠯᠤᠰ ᠤᠨ ᠢᠨᠹᠯᠢᠶᠠᠼ 6.8 ᠬᠤᠪᠢ᠂ ᠲᠥᠰᠥᠪ ᠦᠨ ᠣᠷᠣᠯᠭ᠎ᠠ 890 ᠲᠡᠷᠪᠤᠮ ᠲᠥᠭᠥᠷᠢᠭ ᠢᠶᠡᠷ ᠳᠠᠪᠠᠭᠰᠠᠨ᠂ ᠤᠯᠤᠰ ᠲᠥᠷᠥ ᠶᠢᠨ ᠰᠣᠩᠭᠣᠭᠤᠯᠢ ᠦᠭᠡᠢ᠂ ᠪᠦᠲᠦᠭᠡᠨ ᠪᠠᠶᠢᠭᠤᠯᠤᠯᠲᠠ ᠥᠷᠨᠢᠭᠡ ᠦᠭᠡᠢ᠂ ᠵᠠᠬ᠎ᠠ ᠵᠡᠭᠡᠯᠢ ᠤᠷᠤᠭᠤ ᠮᠥᠩᠭᠥᠨ ᠤᠷᠤᠰᠬᠠᠯ ᠬᠢᠭᠡ ᠦᠭᠡᠢ ᠦᠶ᠎ᠡ ᠲᠠᠭᠠᠷᠠᠵᠤ ᠪᠠᠶᠢᠨ᠎ᠠ᠃ ᠨᠥᠬᠥᠴᠡᠯ ᠪᠠᠶᠢᠳᠠᠯ ᠡᠶᠢᠮᠦ ᠡᠷᠡᠰ ᠲᠡᠰᠦ ᠥᠭᠡᠷ᠎ᠡ ᠪᠠᠶᠢᠬᠤ ᠳᠤ ᠲᠥᠪ ᠪᠠᠩᠬᠢ ︽ᠭᠠᠳᠠᠭᠠᠳᠤ ᠬᠦᠴᠦᠨ ᠵᠦᠢᠯ ᠡᠴᠡ ᠰᠢᠯᠲᠠᠭᠠᠯᠠᠵᠤ᠂ ᠳ᠋ᠣᠯᠯᠠᠷ ᠦᠰᠴᠦ ᠪᠠᠶᠢᠨ᠎ᠠ》 ᠭᠡᠬᠦ ᠦᠭᠡ ᠪᠡᠷ ᠬᠠᠭᠠᠴᠠᠶᠢᠯᠠᠵᠤ᠂ ᠪᠣᠳᠣᠯᠭ᠎ᠠ ᠶᠢᠨ ᠠᠷᠭ᠎ᠠ ᠬᠡᠮᠵᠢᠶ᠎ᠡ ᠠᠪᠬᠤ ᠦᠭᠡᠢ ᠪᠠᠶᠢᠭ᠎ᠠ ᠨᠢ ᠠᠩᠬᠠᠷᠤᠯ ᠲᠠᠲᠠᠵᠤ ᠪᠠᠶᠢᠭ᠎ᠠ ᠶᠤᠮ᠃ ᠰᠡᠭᠦᠯ ᠦᠨ ᠬᠣᠶᠠᠷ ᠵᠢᠯ ᠦᠨ ᠬᠤᠭᠤᠴᠠᠭᠠᠨ ᠳᠤ ᠳ᠋ᠣᠯᠯᠠᠷ ᠤᠨ ᠬᠠᠩᠰᠢ 500 ᠭᠠᠷᠤᠢ ᠲᠥᠭᠥᠷᠢᠭ ᠢᠶᠡᠷ ᠥᠰᠴᠠᠢ᠃ ᠪᠦᠷ 2016 ᠣᠨ ᠤ ᠠᠷᠪᠠᠨ ᠨᠢᠭᠡᠳᠦᠭᠡᠷ ᠰᠠᠷ᠎ᠠ ᠳᠤ ᠳ᠋ᠣᠯᠯᠠᠷ ᠤᠨ ᠬᠠᠩᠰᠢ 2720 ᠲᠥᠭᠥᠷᠢᠭ ᠲᠡᠢ ᠲᠡᠩᠴᠡᠭᠰᠡᠨ ᠭᠠᠰᠢᠭᠤᠨ ᠲᠤᠷᠰᠢᠯᠭ᠎ᠠ ᠴᠤ ᠪᠢᠳᠡᠨ ᠳᠦ ᠪᠤᠢ᠃ ᠤᠯᠠᠮ ᠢᠶᠠᠷ ᠮᠣᠩᠭᠣᠯ ᠪᠠᠩᠭᠢ ᠶᠢᠨ ᠶᠡᠷᠦᠩᠬᠡᠶᠢᠯᠡᠭᠴᠢ ︽ᠮᠣᠩᠭᠣᠯ ᠤᠯᠤᠰ ᠤᠨ ᠸᠠᠯᠢᠶᠤᠲ ᠤᠨ ᠴᠡᠪᠡᠷ ᠨᠥᠭᠡᠴᠡ 400 ᠰᠠᠶ᠎ᠠ ᠳ᠋ᠣᠯᠯᠠᠷ ᠪᠣᠯᠤᠭᠰᠠᠨ︾ ᠭᠡᠵᠦ᠂ ᠰᠠᠩ ᠤᠨ ᠰᠠᠶᠢᠳ ᠪ∙ᠴᠣᠶᠢᠵᠢᠯᠰᠦ᠋ᠷᠦᠩ ︽ᠮᠣᠩᠭᠣᠯ ᠤᠯᠤᠰ ᠤᠨ ᠡᠳ᠋ ᠍ ᠦᠨ ᠵᠠᠰᠠᠭ᠂ ᠲᠥᠰᠥᠪ ᠰᠠᠩᠬᠦᠦ ᠭᠦᠨ ᠬᠢᠮᠤᠷᠠᠯ ᠳᠤ ᠣᠷᠣᠯ᠎ᠠ︾ ᠬᠡᠮᠡᠨ  ᠮᠡᠳᠡᠭᠳᠡᠭᠰᠡᠨ ᠡᠴᠡ ᠡᠭᠦᠳᠴᠦ᠂ ᠵᠢᠭᠡᠯᠡᠵᠢᠬᠦ ᠵᠡᠷᠭᠡᠯᠡᠯ ᠬᠣᠶᠠᠷ ᠱᠠᠲᠤᠯᠠᠯ ᠢᠶᠠᠷ ᠳᠣᠭᠣᠭᠰᠢᠯᠠᠵᠤ᠂ ᠬᠠᠩᠰᠢ ᠶᠢᠨ ᠥᠰᠦᠯᠲᠡ ᠶᠢ ᠬᠥᠭᠡᠷᠭᠡᠳᠡᠭᠰᠡᠨ ︽ᠲᠡᠨᠡᠭᠷᠡᠯ︾ ᠦᠨ ᠲᠡᠦᠬᠡ ᠴᠤ ᠪᠤᠢ᠃ ᠣᠳᠣ ᠡᠨᠡ ᠮᠡᠲᠦ ᠠᠯᠳᠠᠭ᠎ᠠ ᠶᠢ ᠪᠠᠨ ᠳᠠᠬᠢᠨ ᠳᠠᠪᠲᠠᠵᠤ ᠬᠡᠷᠬᠢᠪᠡᠴᠦ ᠪᠣᠯᠬᠤ ᠦᠭᠡᠢ᠃ ᠳᠠᠶᠢᠨ ᠤ ᠨᠥᠬᠥᠴᠡᠯ ᠪᠠᠶᠢᠳᠠᠯ ᠲᠠᠢ᠂ ᠳᠥᠩᠭᠡᠵᠢ ᠣᠯᠠᠨ ᠤᠯᠤᠰ ᠤᠨ ᠸᠠᠯᠢᠶᠤᠲ ᠤᠨ ᠰᠠᠩ ᠦᠨ ᠬᠥᠲᠥᠯᠪᠦᠷᠢ ᠳᠦ ᠬᠠᠮᠤᠷᠤᠭᠳᠠᠵᠤ ᠪᠤᠢ ᠲᠦᠷᠺ ᠂ ᠠᠷᠭᠧᠨᠲ᠋ᠢᠨ ᠵᠡᠷᠭᠡ ᠤᠯᠤᠰ ᠤᠳ ᠲᠠᠢ ᠥᠪᠡᠷᠰᠡᠳ ᠢ ᠪᠡᠨ ᠬᠠᠷᠢᠴᠠᠭᠤᠯᠵᠤ᠂ ᠪᠤᠷᠤᠭᠤ ᠶᠢ ᠪᠤᠰᠤᠳ ᠠᠴᠠ ᠬᠠᠶᠢᠵᠤ ᠪᠠᠶᠢᠬᠤ ᠶᠢᠨ ᠣᠷᠣᠨ ᠳᠤ ᠲᠥᠪ ᠪᠠᠩᠬᠢ ᠶᠠᠭ ᠪᠣᠳᠠᠲᠠᠢ ᠪᠣᠳᠣᠯᠭ᠎ᠠ ᠶᠢᠨ ᠠᠷᠭ᠎ᠠ ᠬᠡᠮᠵᠢᠶ᠎ᠡ ᠠᠪᠬᠤ ᠶᠣᠰᠣᠲᠠᠢ ᠪᠢᠯᠡ᠃
ᠵ᠂ ᠮᠢᠳᠤᠭᠪᠠᠳᠮ᠎ᠠ

ᠰᠡᠳᠬᠢᠭᠳᠡᠯ ᠦᠯᠡᠳᠡᠭᠡᠬᠦ