ᠮᠣᠩᠭᠣᠯ ᠤᠯᠤᠰ ᠤᠨ ᠡᠳ᠋ ᠍ ᠦᠨ ᠵᠠᠰᠠᠭ 6.3 ᠬᠤᠪᠢ ᠪᠠᠷ ᠦᠰᠴᠡᠢ | News.MN

ᠮᠣᠩᠭᠣᠯ ᠤᠯᠤᠰ ᠤᠨ ᠡᠳ᠋ ᠍ ᠦᠨ ᠵᠠᠰᠠᠭ 6.3 ᠬᠤᠪᠢ ᠪᠠᠷ ᠦᠰᠴᠡᠢ

ᠥᠨᠥᠳᠥᠷ ᠠᠽᠢᠶ᠎ᠠ ᠶᠢᠨ ᠬᠥᠭᠵᠢᠯ ᠦᠨ ᠪᠠᠩᠬᠢ ᠡᠴᠡ ᠮᠣᠩᠭᠣᠯ ᠤᠯᠤᠰ ᠤᠨ 2019 ᠣᠨ ᠤ ᠡᠳ᠋ ᠦᠨ ᠵᠠᠰᠠᠭ ᠤᠨ ᠲᠥᠯᠥᠪ ᠢ ᠲᠠᠨᠢᠯᠴᠠᠭᠤᠯᠤᠯ᠎ᠠ᠃ ᠲᠤᠰ ᠪᠠᠩᠬᠢᠨ ᠤ ᠰᠠᠭᠤᠷᠢᠨ ᠲᠥᠯᠥᠭᠡᠯᠡᠭᠴᠢ ᠶᠡᠯᠢᠩᠳᠠ ᠹᠧᠷᠨᠠᠨᠳᠧᠽ ᠯᠣᠮᠮᠧᠨ ᠬᠡᠯᠡᠬᠦ ᠳᠦ ᠪᠡᠨ᠄ ᠠᠽᠢᠶ᠎ᠠ ᠨᠣᠮᠣᠬᠠᠨ ᠳᠠᠯᠠᠢ ᠶᠢᠨ ᠡᠳ᠋ ᠍ ᠦᠨ ᠵᠠᠰᠠᠭ ᠤᠨ ᠲᠥᠯᠥᠪ ᠡᠶᠡᠷᠭᠦ ᠬᠠᠷᠠᠭᠳᠠᠵᠤ ᠪᠠᠶᠢᠨ᠎ᠠ᠃ ᠡᠳ᠋ ᠍ ᠦᠨ ᠵᠠᠰᠠᠭ ᠤᠨ ᠥᠰᠦᠯᠲᠡ ᠬᠠᠳᠠᠭᠠᠯᠠᠭᠳᠠᠨ᠎ᠠ ᠭᠡᠰᠡᠨ ᠲᠠᠭᠠᠮᠠᠭ ᠳᠡᠪᠰᠢᠭᠦᠯᠵᠦ ᠪᠠᠶᠢᠨ᠎ᠠ᠃ ᠪᠥᠰᠡ ᠨᠤᠲᠤᠭ ᠳᠠᠶᠠᠭᠠᠷ ᠡᠶᠡᠷᠭᠦ ᠲᠥᠯᠥᠪ ᠬᠠᠷᠠᠭᠳᠠᠵᠤ ᠪᠠᠶᠢᠭ᠎ᠠ ᠨᠢ ᠳᠣᠲᠣᠭᠠᠳᠤ ᠶᠢᠨ ᠡᠷᠢᠯᠲᠡ ᠨᠡᠮᠡᠭᠳᠡᠭᠰᠡᠨ᠃ ᠭᠡᠬᠦ ᠳᠦ ᠪᠡᠨ ᠬᠤᠳᠠᠯᠳᠤᠭᠠᠨ ᠤ ᠮᠠᠷᠭᠤᠭᠠᠨ ᠳᠠᠶᠢᠨ ᠪᠤᠯᠪᠠᠯ ᠡᠷᠡᠰᠳᠡᠯ ᠳᠦ ᠣᠷᠣᠵᠤ ᠪᠣᠯᠵᠣᠰᠢ ᠦᠭᠡᠢ᠃ ᠲᠡᠶᠢᠮᠦ ᠤᠴᠢᠷ ᠠᠴᠠ ᠪᠥᠰᠡ ᠨᠤᠲᠤᠭ ᠤᠨ ᠬᠦᠷᠢᠶᠡᠨ ᠳᠦ ᠡᠳ᠋ ᠍ ᠦᠨ ᠵᠠᠰᠠᠭ ᠤᠨ ᠬᠠᠷᠢᠯᠴᠠᠭ᠎ᠠ ᠪᠠᠨ ᠪᠠᠲᠤᠳᠬᠠᠬᠤ ᠲᠠᠯ᠎ᠠ ᠳᠡᠭᠡᠷ᠎ᠡ ᠲᠣᠳᠣᠷᠬᠠᠢ ᠠᠷᠭ᠎ᠠ ᠬᠡᠮᠵᠢᠶ᠎ᠡ ᠠᠪᠬᠤ ᠬᠡᠷᠡᠭᠲᠡᠢ ᠭᠡᠪᠡ᠃
ᠠᠽᠢᠶ᠎ᠠ ᠶᠢᠨ ᠬᠥᠭᠵᠢᠯ ᠦᠨ ᠪᠠᠩᠬᠢ ᠶᠢᠨ ᠠᠬᠠᠯᠠᠬᠤ ᠡᠳ᠋ ᠍ ᠦᠨ ᠵᠠᠰᠠᠭᠴᠢ ᠳ᠋ᠸᠺᠯᠠᠨ ᠮᠠᠭᠢ ᠮᠣᠩᠭᠣᠯ ᠤᠯᠤᠰ ᠤᠨ ᠡᠳ᠋ ᠍ ᠦᠨ ᠵᠠᠰᠠᠭ ᠤᠨ ᠥᠰᠦᠯᠲᠡ ᠬᠤᠷᠳᠤᠰᠴᠦ᠂ ᠡᠨᠡ ᠣᠨ ᠤ ᠡᠬᠢᠨ ᠦ ᠬᠠᠭᠠᠰ ᠲᠤ 6.3 ᠬᠤᠪᠢ ᠳᠤ ᠬᠦᠷᠦᠭᠰᠡᠨ ᠢ ᠬᠡᠯᠡᠭᠡᠳ᠂ ᠲᠡᠭᠦᠨ ᠳᠦ ᠬᠦᠮᠦᠨ ᠠᠮᠠ ᠶᠢᠨ ᠬᠡᠷᠡᠭᠯᠡᠭᠡ ᠥᠰᠦᠭᠰᠡᠨ᠂ ᠨᠡᠭᠦᠷᠡᠰᠦᠨ ᠦ ᠡᠺᠰᠫᠣᠷᠲ ᠨᠡᠮᠡᠭᠳᠡᠭᠰᠡᠨ᠂ ᠠᠭᠤᠯᠠ ᠠᠭᠤᠷᠬᠠᠢ ᠶᠢᠨ ᠰᠠᠯᠪᠤᠷᠢ ᠳᠤ ᠤᠷᠤᠬᠤ ᠬᠥᠷᠥᠩᠭᠡ ᠣᠷᠣᠭᠤᠯᠤᠯᠲᠠ ᠨᠡᠮᠡᠭᠳᠡᠭᠰᠡᠨ ᠭᠡᠰᠡᠨ ᠦᠨᠳᠦᠰᠦᠨ ᠭᠤᠷᠪᠠᠨ ᠰᠢᠯᠲᠠᠭᠠᠨ ᠨᠥᠯᠦᠭᠡᠯᠡᠭᠰᠡᠨ ᠢ ᠳᠤᠷᠠᠳᠪᠠ᠃
ᠲᠡᠷᠡ ᠪᠡᠷ᠄ᠡᠳ᠋ ᠦᠨ ᠵᠠᠰᠠᠭ ᠤᠨ ᠥᠰᠦᠯᠲᠡ ᠶᠢᠨ ᠲᠥᠯᠥᠪ ᠢ ᠥᠨᠳᠥᠷ ᠰᠠᠶᠢᠨ ᠪᠠᠶᠢᠨ᠎ᠠ ᠭᠡᠰᠡᠨ ᠲᠠᠭᠠᠮᠠᠭ ᠢ 2018᠂ 2019 ᠣᠨ ᠳᠤ ᠳᠤᠷᠠᠳᠴᠤ ᠪᠠᠶᠢᠨ᠎ᠠ᠃ ᠭᠡᠬᠦ ᠳᠦ ᠪᠡᠨ 2019 ᠣᠨ ᠤ ᠥᠰᠦᠯᠲᠡ ᠪᠠᠭ᠎ᠠ ᠵᠡᠷᠭᠡ ᠪᠠᠭᠤᠷᠠᠨ᠎ᠠ᠃ ᠦᠢᠯᠡᠴᠢᠯᠡᠭᠡᠨ ᠦ ᠰᠠᠯᠪᠤᠷᠢ ᠨᠡᠯᠢᠶᠡᠳ ᠲᠡᠯᠡᠯ᠎ᠡ᠃ ᠬᠠᠷᠢᠨ ᠬᠥᠳᠡᠭᠡ ᠠᠵᠤ ᠠᠬᠤᠢ ᠶᠢᠨ ᠰᠠᠯᠪᠤᠷᠢ ᠳᠤ ᠥᠰᠦᠯᠲᠡ ᠲᠡᠳᠦᠶᠢᠯᠨ ᠭᠠᠷᠤᠭᠰᠠᠨ ᠦᠭᠡᠢ᠃ ᠠᠭᠤᠯᠠ ᠠᠭᠤᠷᠬᠠᠢ ᠶᠢᠨ ᠰᠠᠯᠪᠤᠷᠢ ᠡᠳ᠋ ᠍ ᠦᠨ ᠵᠠᠰᠠᠭ ᠲᠤ ᠬᠠᠮᠤᠭ ᠤᠨ ᠲᠣᠮᠣ ᠪᠤᠶᠤ 12.6  ᠬᠤᠪᠢ ᠶᠢᠨ ᠥᠰᠦᠯᠲᠡ ᠦᠵᠡᠭᠦᠯᠦᠭᠰᠡᠨ᠃ ᠬᠡᠷᠡᠭᠯᠡᠭᠡ ᠥᠨᠳᠥᠷ ᠦᠵᠡᠭᠦᠯᠦᠯᠲᠡ ᠲᠡᠢ ᠭᠠᠷᠤᠯ᠎ᠠ᠃ ᠡᠨᠡ ᠨᠢ ᠬᠡᠷᠡᠭᠯᠡᠭᠡᠨ ᠦ ᠵᠢᠭᠡᠯᠡ ᠣᠯᠭᠣᠯᠲᠠ ᠥᠰᠦᠭᠰᠡᠨ ᠲᠡᠢ ᠬᠣᠯᠪᠣᠭ᠎ᠠ ᠲᠠᠢ᠃ ᠴᠡᠪᠡᠷ ᠡᠺᠰᠫᠣᠷᠲ ᠤᠨ ᠳᠤᠲᠤᠭᠠᠳᠤ ᠶᠢᠨ ᠨᠡᠶᠢᠲᠡ ᠪᠦᠲᠦᠭᠡᠭᠳᠡᠬᠦᠨ ᠍ ᠳᠦ ᠦᠵᠡᠭᠦᠯᠬᠦ ᠨᠥᠯᠥᠭᠡᠯᠡᠯ ᠨᠢ -3.3 ᠬᠤᠪᠢ ᠪᠤᠶᠤ ᠰᠥᠷᠭᠦ ᠭᠠᠷᠤᠭᠰᠠᠨ᠃ ᠲᠥᠰᠥᠪ ᠦᠨ ᠬᠤᠪᠢ ᠳᠤ ᠳᠤᠲᠤᠭᠠᠳᠤ ᠶᠢᠨ ᠨᠡᠶᠢᠲᠡ ᠪᠦᠲᠦᠭᠡᠭᠳᠡᠬᠦᠨ ᠍ ᠦ 8 ᠬᠤᠪᠢ ᠲᠠᠢ ᠲᠡᠩᠴᠡᠬᠦᠶᠢᠴᠡ ᠠᠰᠢᠭᠲᠠᠢ ᠭᠠᠷᠤᠯ᠎ᠠ᠃ ᠡᠨᠡ ᠨᠢ ᠨᠢᠭᠡᠳᠦᠭᠰᠡᠨ ᠲᠥᠰᠥᠪ ᠦᠨ ᠣᠷᠣᠯᠭ᠎ᠠ ᠨᠡᠮᠡᠭᠳᠡᠵᠦ᠂ ᠵᠠᠷᠤᠯᠭ᠎ᠠ ᠲᠥᠯᠥᠪᠯᠡᠭᠰᠡᠨ ᠡᠴᠡ ᠳᠤᠭᠤᠤᠷ ᠭᠠᠷᠤᠭᠰᠠᠨ ᠲᠠᠢ ᠬᠣᠯᠪᠣᠭ᠎ᠠ ᠲᠠᠢ ᠶᠤᠮ ᠭᠡᠪᠡ᠃
ᠳ᠂ ᠲᠤᠶᠠᠭ᠎ᠠ

ᠰᠡᠳᠬᠢᠭᠳᠡᠯ ᠦᠯᠡᠳᠡᠭᠡᠬᠦ