ᠬᠡᠭᠡᠷ᠎ᠡ ᠶᠢᠨ ᠠᠮᠢᠲᠠᠨ ᠳᠤ ᠵᠣᠷᠢᠭᠤᠯᠵᠤ ᠤᠰᠤᠲᠤ ᠴᠡᠭ ᠪᠠᠶᠢᠭᠤᠯᠵᠠᠢ | News.MN

ᠬᠡᠭᠡᠷ᠎ᠡ ᠶᠢᠨ ᠠᠮᠢᠲᠠᠨ ᠳᠤ ᠵᠣᠷᠢᠭᠤᠯᠵᠤ ᠤᠰᠤᠲᠤ ᠴᠡᠭ ᠪᠠᠶᠢᠭᠤᠯᠵᠠᠢ

ᠣᠷᠣᠨ ᠨᠤᠲᠤᠭ ᠤᠨ ᠥᠮᠴᠢᠲᠤ ︽ᠲᠠᠪᠤᠨᠲᠣᠯᠣᠭᠠᠢ︾ ᠺᠤᠮᠫᠠᠨᠢ ᠶᠢᠨ ᠬᠢᠨ ᠨᠠᠷᠠᠨ ᠤ ᠡᠷᠴᠢᠮ  ᠬᠦᠴᠦ ᠪᠡᠷ ᠠᠵᠢᠯᠯᠠᠳᠠᠭ ᠬᠤᠳᠳᠤᠭ ᠢ ᠠᠩ ᠠᠮᠢᠲᠠᠨ ᠳᠤ ᠵᠣᠷᠢᠭᠤᠯᠤᠨ ᠭᠠᠷᠭᠠᠭᠰᠠᠨ ᠪᠠᠶᠢᠨ᠎ᠠ᠃  ᠮᠦᠨ ᠵᠡᠷᠯᠢᠭ ᠠᠩ ᠠᠮᠢᠲᠠᠨ ᠳᠤ ᠵᠣᠷᠢᠭᠤᠯᠤᠭᠰᠠᠨ ᠨᠠᠷᠠᠨ ᠤ ᠡᠷᠴᠢᠮ ᠬᠦᠴᠦ ᠪᠡᠷ ᠠᠵᠢᠯᠯᠠᠬᠤ ᠠᠦ᠋ᠲ᠋ᠣᠮᠠᠲ ᠡᠷᠭᠦᠭᠦᠷ ᠪᠦᠬᠦᠢ ᠤᠰᠤᠲᠤ ᠴᠡᠭ ᠢ ᠬᠢᠵᠦ ᠠᠰᠢᠭᠯᠠᠯᠲᠠ ᠳᠤ ᠣᠷᠣᠭᠤᠯᠵᠠᠢ᠃
ᠭᠣᠪᠢ ᠨᠤᠲᠤᠭ ᠬᠤᠷ᠎ᠠ ᠲᠤᠨᠤᠳᠠᠰᠤ ᠪᠠᠭ᠎ᠠ ᠵᠠᠷᠢᠮ ᠵᠢᠯ ᠭᠠᠩᠳᠠᠭᠤ ᠦᠶ᠎ᠡ ᠳᠦ ᠪᠤᠯᠠᠭ ᠱᠠᠩᠳᠠ ᠰᠢᠷᠭᠢᠵᠦ ᠠᠩ ᠠᠮᠢᠲᠠᠨ ᠤᠰᠤ ᠦᠭᠡᠢ ᠬᠠᠷᠠᠩᠭᠤᠳᠬᠤ᠂ ᠦᠬᠦᠵᠦ ᠦᠷᠡᠭᠳᠡᠬᠦ᠂ ᠳᠠᠶᠢᠵᠢᠬᠤ ᠵᠡᠷᠭᠡ ᠰᠢᠯᠲᠠᠭᠠᠨ ᠢᠶᠠᠷ ᠲᠣᠭ᠎ᠠ ᠲᠣᠯᠣᠭᠠᠢ ᠨᠢ ᠪᠠᠭᠠᠰᠬᠤ ᠦᠵᠡᠭᠳᠡᠯ ᠵᠢᠯ ᠢᠷᠡᠬᠦ ᠲᠤᠰᠤᠮ ᠠᠵᠢᠭᠯᠠᠭᠳᠠᠬᠤ ᠪᠣᠯᠤᠭᠰᠠᠨ᠃ ᠲᠡᠶᠢᠮᠦ ᠡᠴᠡ ︽ᠲᠠᠪᠤᠨᠲᠣᠯᠣᠭᠠᠢ︾ ᠨᠢ ᠪᠢᠣᠯᠣᠭᠢ ᠶᠢᠨ ᠣᠯᠠᠨ ᠶᠠᠩᠵᠤ ᠪᠠᠶᠢᠳᠠᠯ ᠢ ᠳ᠋ᠦᠢᠴᠡᠭᠦᠯᠦᠨ ᠬᠠᠮᠠᠭᠠᠯᠠᠬᠤ ᠠᠵᠢᠯ ᠤᠨ ᠢᠶᠠᠨ ᠬᠦᠷᠢᠶᠡᠨ ᠳᠦ ᠲᠤᠰ ᠠᠶᠢᠮᠠᠭ ᠤᠨ ᠴᠤᠭᠲᠤᠴᠠᠴᠠᠢ ᠰᠤᠮᠤ ᠶᠢᠨ ᠰᠡᠶᠢᠷᠰᠤᠲᠤ ᠪᠠᠭ ᠤᠨ ᠨᠤᠲᠤᠭ ᠲᠤ ᠤᠷᠤᠰᠢᠬᠤ ᠴᠡᠴᠡᠢ ᠠᠭᠤᠯᠠ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ ᠢ ᠰᠣᠩᠭᠣᠨ ᠠᠪᠴᠤ  ᠠᠩ ᠠᠮᠢᠲᠠᠨ ᠳᠤ ᠲᠤᠰᠠᠲᠠᠢ ᠳᠡᠭᠡᠷᠡᠬᠢ ᠠᠵᠢᠯ ᠢ ᠭᠦᠢᠴᠡᠳᠭᠡᠭᠰᠡᠨ ᠪᠠᠶᠢᠨ᠎ᠠ᠃
ᠬᠤᠳᠳᠤᠭ ᠨᠢ ᠲᠣᠳᠣᠷᠬᠠᠢ ᠴᠠᠭ ᠤᠨ ᠳᠠᠪᠲᠠᠮᠵᠢ ᠪᠠᠷ ᠴᠥᠭᠦᠷᠦᠮ ᠳᠤ ᠤᠰᠤ ᠬᠤᠷᠠᠮᠳᠤᠭᠤᠯᠬᠤ ᠪᠠᠶᠢᠳᠠᠯ ᠢᠶᠠᠷ ᠠᠵᠢᠯᠯᠠᠬᠤ ᠤᠬᠠᠭᠠᠯᠢᠭ ᠤᠰᠤᠯᠠᠭᠠᠨ ᠤ ᠰᠢᠰᠲ᠋ᠧᠮ ᠲᠡᠢ ᠪᠥᠭᠡᠳ ᠴᠥᠭᠦᠷᠦᠮ ᠦᠨ ᠣᠷᠴᠢᠨ ᠢ ᠵᠡᠷᠯᠢᠭ ᠠᠮᠢᠲᠠᠳ ᠤᠨ ᠪᠡᠯᠴᠢᠭᠡᠷ ᠦᠨ ᠨᠤᠲᠤᠭ ᠢ ᠠᠵᠢᠭᠯᠠᠯᠲᠠ᠂ ᠰᠤᠳᠤᠯᠭᠠᠨ ᠤ ᠠᠵᠢᠯ ᠭᠦᠢᠴᠡᠳᠭᠡᠬᠦ ᠵᠣᠷᠢᠯᠭ᠎ᠠ ᠪᠠᠷ ᠺᠠᠮᠧᠷᠵᠢᠭᠤᠯᠤᠭᠰᠠᠨ ᠠᠵᠠᠢ ᠃ ᠴᠢᠨᠠᠭᠰᠢᠳᠠ ᠨᠤᠲᠤᠭ ᠤᠨ ᠮᠠᠯᠴᠢᠨ ᠠᠶᠢᠯ ᠡᠷᠦᠬᠡ ᠲᠡᠢ  ᠠᠩ ᠠᠮᠢᠲᠠᠨ ᠬᠠᠮᠠᠭᠠᠯᠠᠬᠤ᠂ ᠠᠵᠢᠭᠯᠠᠯᠲᠠ᠂ ᠲᠠᠩᠳᠠᠯᠲᠠ ᠬᠢᠬᠦ ᠪᠡᠷ ᠬᠠᠮᠲᠤᠷᠠᠨ ᠠᠵᠢᠯᠯᠠᠬᠤ ᠪᠠᠷ ᠲᠥᠯᠥᠪᠯᠡᠭᠡᠳ ᠪᠠᠶᠢᠭ᠎ᠠ ᠠᠵᠠᠢ ᠃
ᠳ∙ ᠮᠢᠰᠢᠭᠰᠦ᠋ᠷᠦᠩ

ᠰᠡᠳᠬᠢᠭᠳᠡᠯ ᠦᠯᠡᠳᠡᠭᠡᠬᠦ