ᠮᠣᠩᠭᠣᠯ ᠪᠦᠰᠡᠭᠦᠢ Apple ᠶᠢᠨ ᠢᠨᠵᠧᠨᠧᠷ ᠢᠶᠡᠷ ᠠᠵᠢᠯᠯᠠᠵᠤ ᠪᠠᠶᠢᠨ᠎ᠠ | News.MN

ᠮᠣᠩᠭᠣᠯ ᠪᠦᠰᠡᠭᠦᠢ Apple ᠶᠢᠨ ᠢᠨᠵᠧᠨᠧᠷ ᠢᠶᠡᠷ ᠠᠵᠢᠯᠯᠠᠵᠤ ᠪᠠᠶᠢᠨ᠎ᠠ

ᠠᠮᠧᠷᠢᠺᠠ ᠳᠦ ᠳᠡᠭᠡᠳᠦ ᠪᠣᠯᠪᠠᠰᠤᠷᠠᠯ ᠡᠵᠡᠮᠰᠢᠭᠰᠡᠨ ᠵᠠᠯᠠᠭᠤ ᠢᠨᠵᠧᠨᠧᠷ ᠰ∙ᠠᠶᠤᠭᠧᠷᠢᠮ  ᠺᠤᠮᠫᠢᠦ᠋ᠲᠸᠷ᠂ ᠤᠬᠠᠭᠠᠯᠢᠭ ᠭᠠᠷ ᠤᠲᠠᠰᠤ ᠵᠡᠷᠭᠡ ᠡᠯᠧᠺᠲ᠋ᠷᠣᠨ ᠬᠡᠷᠡᠭᠰᠡᠯ ᠢ ᠵᠠᠭᠪᠤᠷᠴᠢᠯᠠᠨ ᠵᠣᠬᠢᠶᠠᠨ ᠪᠦᠲᠦᠭᠡᠳᠡᠭ ᠳᠡᠯᠡᠬᠡᠢ ᠶᠢᠨ ᠲᠡᠷᠢᠭᠦᠯᠡᠭᠴᠢ ᠺᠣᠮᠫᠠᠨᠢ Apple ᠍ ᠳᠦ ᠰᠠᠶ᠋ᠢᠬᠠᠨ ᠠᠴᠠ ᠫᠷᠦᠭᠷᠡᠮ ᠬᠠᠩᠭᠠᠮᠵᠢ ᠶᠢᠨ ᠢᠨᠵᠧᠨᠧᠷ ᠢᠶᠡᠷ ᠠᠵᠢᠯᠯᠠᠵᠤ ᠡᠬᠢᠯᠡᠵᠡᠢ᠃ ᠲᠡᠷᠡ ᠪᠡᠷ 2017 ᠣᠨ ᠳᠤ ᠠᠮᠧᠷᠢᠺᠠ ᠶᠢᠨ ᠾᠢᠶᠤᠰᠲ᠋ᠤᠨ ᠬᠣᠲᠠ ᠶᠢᠨ ᠶᠡᠬᠡ ᠰᠤᠷᠭᠠᠭᠤᠯᠢ ᠶᠢ ᠺᠤᠮᠫᠢᠦ᠋ᠲᠸᠷ ᠦᠨ ᠢᠨᠵᠧᠨᠧᠷ ᠮᠡᠷᠭᠡᠵᠢᠯ ᠢᠶᠡᠷ ᠳᠦᠭᠦᠷᠭᠡᠭᠰᠡᠨ ᠪᠠᠶᠢᠨ᠎ᠠ᠃
Apple ᠺᠣᠮᠫᠠᠨᠢ 126 ᠮᠢᠩᠭᠠᠨ ᠠᠵᠢᠯᠲᠠᠨ ᠲᠠᠢ ᠪᠥᠭᠡᠳ ᠲᠡᠳᠡᠨ ᠦ ᠳᠣᠲᠣᠷ᠎ᠠ ᠮᠠᠨ ᠤ ᠤᠯᠤᠰ ᠤᠨ ᠴᠥᠭᠡᠨ ᠲᠣᠭᠠᠨ ᠤ ᠢᠷᠭᠡᠨ ᠠᠵᠢᠯᠯᠠᠳᠠᠭ ᠠᠵᠠᠢ ᠃ ᠬᠠᠷᠢᠨ ᠰ∙ᠠᠶᠤᠭᠧᠷᠢᠮ ᠤᠨ ᠬᠤᠪᠢ ᠳᠤ ᠲᠤᠰ ᠺᠣᠮᠫᠠᠨᠢ ᠶᠢᠨ ᠫᠷᠦᠭᠷᠡᠮ ᠬᠠᠩᠭᠠᠮᠵᠢ ᠶᠢᠨ ᠢᠨᠵᠧᠨᠧᠷ ᠦᠨ ᠰᠢᠯᠭᠠᠭᠤᠷ ᠲᠤ ᠲᠡᠩᠴᠡᠭᠰᠡᠨ ᠮᠣᠩᠭᠣᠯ ᠤᠯᠤᠰ ᠤᠨ ᠠᠩᠬᠠᠨ ᠤ ᠡᠮᠡᠭᠲᠡᠢ ᠢᠨᠵᠧᠨᠧᠷ ᠪᠣᠯᠵᠤ ᠪᠤᠢ ᠶᠤᠮ᠃
ᠮ ᠂ ᠠᠮᠤᠷᠵᠢᠷᠭᠠᠯ

ᠰᠡᠳᠬᠢᠭᠳᠡᠯ ᠦᠯᠡᠳᠡᠭᠡᠬᠦ