ᠥᠰᠪᠦᠷᠢ ᠶᠢᠨ ᠪᠥᠬᠡᠴᠦᠳ ᠢ ᠳᠡᠮᠵᠢᠬᠦ ︽ᠪᠢᠯᠢᠭᠲᠦ︾ ᠰᠠᠩ ᠪᠠᠶᠢᠭᠤᠯᠪᠠ | News.MN

ᠥᠰᠪᠦᠷᠢ ᠶᠢᠨ ᠪᠥᠬᠡᠴᠦᠳ ᠢ ᠳᠡᠮᠵᠢᠬᠦ ︽ᠪᠢᠯᠢᠭᠲᠦ︾ ᠰᠠᠩ ᠪᠠᠶᠢᠭᠤᠯᠪᠠ

ᠵᠢᠦᠳᠤ᠋ ᠪᠥᠬᠡ ᠶᠢᠨ ᠰᠫᠣᠷᠲ ᠤᠨ ᠮᠠᠰᠲ᠋ᠸᠷ᠂ ᠰᠤᠮᠤ ᠶᠢᠨ ᠵᠠᠭᠠᠨ ᠰ∙ᠪᠢᠯᠢᠭᠲᠦ ᠠᠭᠰᠠᠨ ᠤ ᠭᠡᠭᠡᠨ ᠳᠤᠷᠠᠰᠬᠠᠯ ᠳᠤ ᠵᠣᠷᠢᠭᠤᠯᠤᠨ ︽ᠪᠢᠯᠢᠭᠲᠦ︾ ᠰᠠᠩ ᠢ ᠪᠠᠶᠢᠭᠤᠯᠵᠠᠢ᠃ ᠬᠤᠪᠢ ᠬᠦᠮᠦᠨ ᠦ ᠬᠥᠭᠵᠢᠯ ᠦᠨ ᠪᠠᠷᠠᠭᠤᠨ ᠪᠥᠰᠡ ᠶᠢᠨ ᠢᠨᠰᠲ᠋ᠢᠲ᠋ᠦᠲ ᠦᠨ ᠵᠠᠬᠢᠷᠤᠯ ᠪ∙ᠭᠠᠩᠲᠣᠭᠣᠭ᠎ᠠ ᠶᠢᠨ ᠰᠠᠨᠠᠭᠠᠴᠢᠯᠠᠭᠰᠠᠨ︽ᠪᠢᠯᠢᠭᠲᠦ︾ ᠰᠠᠩ ᠤᠨ ᠨᠡᠭᠡᠭᠡᠯᠲᠡ ᠶᠢᠨ ᠦᠢᠯᠡ ᠠᠵᠢᠯᠯᠠᠭ᠎ᠠ ᠬᠣᠪᠳᠣ ᠠᠶᠢᠮᠠᠭ ᠤᠨ ᠡᠷᠳᠡᠨᠢᠪᠦ᠋ᠷᠢᠨ ᠰᠤᠮᠤᠨ ᠳᠤ ᠶᠢᠰᠦᠳᠦᠭᠡᠷ ᠰᠠᠷ᠎ᠠ ᠶᠢᠨ 23 ᠍ ᠳᠦ ᠪᠣᠯᠤᠯ᠎ᠠ᠃ ᠰᠠᠩ ᠤᠨ ᠨᠡᠭᠡᠭᠡᠯᠲᠡ ᠳᠦ ᠬᠣᠪᠳᠣ ᠠᠶᠢᠮᠠᠭ ᠤᠨ ᠪᠥᠬᠡ ᠶᠢᠨ ᠬᠣᠯᠪᠣᠭ᠎ᠠ᠂ ᠠᠶᠢᠮᠠᠭ᠂ ᠰᠤᠮᠤ ᠶᠢᠨ ᠤᠳᠤᠷᠢᠳᠤᠯᠭ᠎ᠠ ᠨᠤᠭᠤᠳ᠂ᠨᠤᠲᠤᠭ ᠤᠨ ᠢᠷᠭᠡᠳ᠂ ᠪᠥᠬᠡ ᠰᠣᠨᠢᠷᠬᠠᠭᠴᠢᠳ᠂ ᠠᠶᠢᠮᠠᠭ ᠤᠨ ᠴᠣᠯᠠ ᠲᠠᠢ ᠪᠥᠬᠡᠴᠦᠳ ᠤᠷᠤᠯᠴᠠᠪᠠ᠃
ᠲᠤᠰ ᠰᠠᠩ ᠤᠨ ᠵᠣᠷᠢᠯᠭ᠎ᠠ ᠨᠢ ᠪᠥᠬᠡ ᠶᠢᠨ ᠰᠫᠣᠷᠲ ᠢ ᠬᠥᠭᠵᠢᠭᠦᠯᠬᠦ᠂ ᠵᠢᠦᠳᠤ᠋ ᠪᠥᠬᠡ ᠪᠡᠷ ᠪᠠᠷᠢᠯᠳᠤᠵᠤ ᠪᠠᠶᠢᠭ᠎ᠠ ᠥᠰᠪᠦᠷᠢ ᠶᠢᠨ ᠲᠠᠮᠢᠷᠴᠢᠳ ᠢ ᠳᠡᠮᠵᠢᠬᠦ ᠳᠦ ᠴᠢᠭᠯᠡᠵᠡᠢ᠃ ᠪ ∙ ᠭᠠᠩᠲᠣᠭᠣᠭ᠎ᠠ︽ᠪᠢᠯᠢᠭᠲᠦ︾ ᠰᠠᠩ ᠣᠯᠠᠨ ᠬᠡᠦᠬᠡᠳ  ᠦᠨ ᠬᠦᠰᠡᠯ ᠮᠥᠷᠥᠭᠡᠳᠦᠯ ᠢ ᠬᠥᠲᠥᠯᠬᠦ ᠭᠦᠭᠦᠷᠭᠡ ᠪᠣᠯᠬᠤ ᠪᠣᠯᠤᠨ᠎ᠠ ᠭᠡᠳᠡᠭ ᠲᠦ ᠢᠲᠡᠭᠡᠵᠦ ᠪᠤᠢ  ᠪᠠᠨ ᠢᠯᠡᠷᠬᠡᠶᠢᠯᠡᠪᠡ᠃ ᠡᠨᠡ ᠦᠶ᠎ᠡ ᠪᠡᠷ ᠥᠰᠪᠦᠷᠢ ᠦᠶ᠎ᠡ ᠶᠢᠨ ᠬᠢᠨ ᠦ ᠳᠤᠮᠳᠠ ᠪᠥᠬᠡ ᠶᠢᠨ ᠪᠠᠷᠢᠯᠳᠤᠭᠠᠨ ᠵᠣᠬᠢᠶᠠᠨ ᠪᠠᠶᠢᠭᠤᠯᠪᠠ᠃
ᠠ᠊∙ᠪᠢᠮᠪᠠᠰᠦ᠋ᠷᠦᠩ

ᠰᠡᠳᠬᠢᠭᠳᠡᠯ ᠦᠯᠡᠳᠡᠭᠡᠬᠦ