ᠮ∙ᠡᠩᠬᠡᠪᠣᠯᠤᠳ ᠮ∙ᠳᠠᠸᠠᠵᠢᠷᠭᠠᠯ ᠢ ᠬᠦᠯᠢᠶᠡᠨ ᠠᠪᠴᠤ ᠠᠭᠤᠯᠵᠠᠯ᠎ᠠ | News.MN

ᠮ∙ᠡᠩᠬᠡᠪᠣᠯᠤᠳ ᠮ∙ᠳᠠᠸᠠᠵᠢᠷᠭᠠᠯ ᠢ ᠬᠦᠯᠢᠶᠡᠨ ᠠᠪᠴᠤ ᠠᠭᠤᠯᠵᠠᠯ᠎ᠠ

ᠮᠡᠷᠭᠡᠵᠢᠯ ᠦᠨ ᠰᠦᠮᠦᠤ ᠶᠢᠨ ᠨᠠᠮᠤᠷ ᠤᠨ ᠪᠠᠱᠶᠤ᠋ ᠳᠤ ᠨᠢᠭᠡ ᠴᠤ ᠤᠨᠠᠯ ᠦᠭᠡᠢ ᠲᠦᠷᠦᠭᠦᠯᠡᠵᠦ᠂ ᠬᠡᠳᠦ ᠬᠡᠳᠦᠨ ᠲᠡᠦᠬᠡᠨ ᠳᠡᠭᠡᠳᠦ ᠠᠮᠵᠢᠯᠲᠠ ᠲᠣᠭᠲᠠᠭᠠᠭᠰᠠᠨ ᠶᠣᠺᠣᠽᠦᠨᠠ ᠬᠠᠺᠤᠬᠤ᠋ ᠮᠥᠩᠬᠡᠪᠠᠲᠤ ᠶᠢᠨ ᠳᠠᠸᠠᠵᠢᠷᠭᠠᠯ ᠢ ᠡᠬᠡ ᠣᠷᠣᠨ ᠳᠤ ᠪᠠᠨ ᠢᠷᠡᠭᠰᠡᠨ ᠲᠡᠢ ᠨᠢ ᠬᠣᠯᠪᠣᠭᠳᠠᠭᠤᠯᠤᠨ ᠤᠯᠤᠰ ᠤᠨ ᠶᠡᠬᠡ ᠬᠤᠷᠠᠯ ᠤᠨ ᠳᠠᠷᠤᠭ᠎ᠠ ᠮ∙ᠡᠩᠬᠡᠪᠣᠯᠤᠳ ᠬᠦᠯᠢᠶᠡᠨ ᠠᠪᠴᠤ ᠠᠭᠤᠯᠵᠠᠯ᠎ᠠ᠃  ᠲᠡᠷᠡ ᠪᠡᠷ ᠡᠨᠡ ᠨᠠᠮᠤᠷ ᠤᠨ ᠲᠡᠮᠡᠴᠡᠭᠡᠨ ᠳᠦ 41 ᠳ᠋ᠡᠬᠢ ᠤᠳᠠᠭ᠎ᠠ ᠪᠠᠨ ᠲᠦᠷᠦᠭᠦᠯᠡᠵᠦ᠂ 1000 ᠳᠠᠪᠠᠭᠠᠨ ᠤ ᠪᠤᠱᠤᠭ᠎ᠠ ᠶᠢ ᠳᠠᠪᠠᠵᠤ᠂ ᠶᠣᠺᠣᠽᠦᠨᠠ ᠴᠣᠯᠠᠲᠠᠢ ᠪᠠᠷ 800 ᠳᠠᠪᠠᠭ᠎ᠠ ᠠᠪᠴᠤ᠂ 13 ᠵᠢᠯ ᠳᠠᠷᠠᠭᠠᠯᠠᠨ ᠳᠣᠣᠷ᠎ᠠ ᠬᠠᠶᠠᠵᠤ ᠨᠢᠭᠡ ᠪᠠᠱᠶᠤ᠋ ᠳᠤ ᠲᠦᠷᠦᠭᠦᠯᠡᠭᠰᠡᠨ ᠭᠡᠳ ᠮᠡᠷᠭᠡᠵᠢᠯ ᠦᠨ ᠰᠦᠮᠦᠤ ᠶᠢᠨ ᠰᠢᠨ᠎ᠡ 4 ᠳᠡᠭᠡᠳᠦ ᠠᠮᠵᠢᠯᠲᠠ ᠶᠢᠨ ᠡᠵᠡᠨ ᠪᠣᠯᠤᠭᠰᠠᠨ ᠪᠢᠯᠡ᠃
ᠮ∙ᠡᠩᠬᠡᠪᠣᠯᠤᠳ᠄ ᠮᠣᠩᠭᠣᠯ ᠲᠦᠮᠡᠨ ᠦ ᠬᠠᠶᠢᠷ᠎ᠠ ᠬᠦᠨᠳᠦᠯᠡᠯ ᠦᠨ ᠬᠣᠶᠢᠮᠣᠷ ᠲᠤ ᠵᠠᠯᠠᠷᠠᠭᠰᠠᠨ᠂ ᠠᠤᠭ᠎ᠠ ᠶᠡᠬᠡ ᠠᠪᠤᠷᠭᠤ ᠠᠪᠤ ᠲᠠᠨᠢ ᠪᠤᠷᠬᠠᠨ ᠤ ᠣᠷᠣᠨ ᠳᠤ ᠵᠠᠯᠠᠷᠠᠭᠠᠳ ᠤᠳᠠᠭ᠎ᠠ ᠦᠭᠡᠢ ᠪᠠᠶᠢᠭ᠎ᠠ ᠪᠣᠯᠬᠣᠷ ᠪᠠᠷᠢᠯᠳᠤᠬᠤ ᠳᠤ ᠠᠮᠠᠷ ᠦᠭᠡᠢ ᠪᠠᠶᠢᠭᠰᠠᠨ ᠪᠠᠶᠢᠬᠤ᠃ ᠭᠡᠬᠦ ᠳᠦ ᠪᠡᠨ ᠰᠦᠮᠦᠤ ᠶᠢᠨ ᠲᠡᠦᠬᠡᠨ ᠳᠡᠭᠡᠳᠦ ᠠᠮᠵᠢᠯᠲᠠ ᠨᠤᠭᠤᠳ ᠢ ᠲᠣᠭᠲᠠᠭᠠᠵᠤ᠂ ᠨᠢᠭᠡ ᠴᠤ ᠤᠨᠠᠯ ᠦᠭᠡᠢ ᠲᠦᠷᠦᠭᠦᠯᠦᠭᠰᠡᠨ ᠳᠦ ᠪᠠᠶᠠᠷ ᠬᠦᠷᠭᠡᠶ᠎ᠡ᠃ ᠲᠠᠨ ᠤ ᠡᠨᠡ ᠭᠠᠶᠢᠬᠠᠮ᠎ᠠ ᠠᠮᠵᠢᠯᠲᠠ ᠶᠢ ᠮᠣᠩᠭᠣᠯᠴᠤᠳ ᠲᠡᠳᠦᠢ ᠦᠭᠡᠢ ᠳᠡᠯᠡᠬᠡᠢ ᠳ᠋ᠠᠬᠢᠨ ᠤ ᠰᠦᠮᠦᠤ ᠰᠣᠨᠢᠷᠬᠠᠭᠴᠢ ᠬᠦᠮᠦᠨ ᠪᠦᠬᠦᠨ ᠪᠠᠬᠠᠷᠬᠠᠨ ᠪᠢᠰᠢᠷᠡᠵᠦ ᠪᠠᠶᠢᠨ᠎ᠠ᠃ ᠬᠣᠷᠢ ᠰᠢᠬᠠᠮ ᠵᠢᠯ ᠦᠨ ᠬᠢᠴᠢᠶᠡᠯ ᠵᠢᠳᠬᠦᠯ ᠦᠨ ᠦᠷ᠎ᠡ ᠪᠡᠷ ᠮᠡᠷᠭᠡᠵᠢᠯ ᠦᠨ ᠰᠦᠮᠦᠤ  ᠶᠢᠨ ᠨᠣᠶᠠᠨ ᠣᠷᠭᠢᠯ ᠳᠤ ᠭᠠᠷᠴᠤ᠂ ᠮᠣᠩᠭᠣᠯ ᠬᠦᠮᠦᠨ ᠦ ᠠᠪᠢᠶᠠᠰ ᠴᠢᠳᠠᠪᠤᠷᠢ ᠶᠢ ᠭᠠᠶᠢᠬᠠᠭᠤᠯᠤᠨ᠂ ᠮᠣᠩᠭᠣᠯ ᠡᠬᠡ ᠣᠷᠣᠨ ᠢᠶᠠᠨ ᠳᠡᠯᠡᠬᠡᠢ ᠶᠢᠷᠲᠢᠨᠴᠦ ᠳᠦ ᠰᠤᠷᠲᠠᠯᠴᠢᠯᠠᠵᠤ ᠪᠤᠢ ᠮᠣᠩᠭᠣᠯ ᠤᠨ ᠬᠦᠦ᠂ ᠨᠤᠲᠤᠭ ᠤᠨ ᠳᠡᠭᠦᠦ ᠲᠠᠨ ᠳᠤ ᠤᠯᠠᠮ ᠶᠡᠬᠡ ᠠᠮᠵᠢᠯᠲᠠ᠂ ᠰᠠᠶᠢᠨ ᠰᠠᠶᠢᠬᠠᠨ ᠢ ᠢᠷᠦᠭᠡᠶ᠎ᠡ ᠭᠡᠳ ᠳᠤᠷᠠᠰᠬᠠᠯ ᠤᠨ ᠵᠦᠢᠯ ᠭᠠᠷᠳᠠᠭᠤᠯᠤᠯ᠎ᠠ᠃
ᠶᠡᠬᠡ ᠠᠪᠤᠷᠭᠤ ᠮᠥᠩᠬᠡᠪᠠᠲᠤ ᠶᠢᠨ ᠳᠠᠸᠠᠵᠢᠷᠭᠠᠯ᠄ ᠠᠪᠤ ᠮᠠᠨᠢ ᠲᠩᠷᠢ ᠳᠦ ᠳᠡᠪᠰᠢᠭᠰᠡᠨ ᠪᠣᠯᠬᠣᠷ ᠪᠠᠷᠢᠯᠳᠤᠬᠤ ᠳᠤ ᠠᠮᠠᠷ ᠪᠠᠶᠢᠭ᠎ᠠ ᠦᠭᠡᠢ ᠡ᠃ ᠭᠡᠬᠦ ᠳᠦ ᠪᠡᠨ ᠬᠢᠴᠢᠶᠡᠵᠦ ᠵᠢᠳᠬᠦᠭᠰᠡᠨ ᠦ ᠦᠷ᠎ᠡ  ᠳ᠋ᠦᠩ ᠳᠦ ᠰᠠᠶᠢᠬᠠᠨ ᠠᠮᠵᠢᠯᠲᠠ ᠦᠵᠡᠭᠦᠯᠦᠭᠰᠡᠨ ᠳᠦ ᠪᠡᠨ ᠪᠠᠶᠠᠷᠲᠠᠢ ᠪᠠᠶᠢᠨ᠎ᠠ᠃ ᠡᠬᠡ ᠣᠷᠣᠨ ᠳᠤ ᠪᠠᠨ ᠢᠷᠡᠬᠦ ᠰᠡᠨ ᠭᠡᠵᠦ ᠶᠡᠬᠡ ᠶᠠᠭᠠᠷᠠᠭᠰᠠᠨ᠃ ᠠᠪᠤ ᠶᠢᠨ ᠢᠶᠠᠨ ᠡᠭᠦᠰᠬᠡᠨ ᠪᠠᠶᠢᠭᠤᠯᠤᠭᠰᠠᠨ ︽ᠶᠡᠬᠡ ᠱᠠᠪᠢ︾ ᠪᠡᠶ᠎ᠡ ᠶᠢᠨ ᠲᠠᠮᠢᠷ ᠤᠨ ᠳᠡᠭᠡᠳᠦ ᠰᠤᠷᠭᠠᠭᠤᠯᠢ ᠶᠢᠨ ︽ᠶᠡᠬᠡ ᠱᠠᠪᠢ︾ ᠴᠣᠭᠴᠠᠯᠠᠪᠤᠷᠢ ᠶᠢᠨ ᠨᠡᠭᠡᠭᠡᠯᠲᠡ ᠳᠦ ᠣᠷᠣᠯᠴᠠᠭᠠᠳ ᠪᠤᠴᠠᠨ᠎ᠠ᠃
ᠮᠣᠩᠭᠣᠯ ᠤᠨ ᠦᠨᠳᠦᠰᠦᠨ ᠦ ᠤᠯᠢᠮᠫᠢᠺ ᠤᠨ ᠬᠣᠷᠢᠶᠠᠨ ᠠᠴᠠ ᠨᠠᠮᠠᠶᠢ ︽ᠲᠤᠤᠺᠢᠤ᠋ -2020》 ᠤᠯᠢᠮᠫᠢᠺ  ᠤᠨ ᠨᠠᠭᠠᠳᠤᠮ ᠳᠤ ᠤᠷᠤᠯᠴᠠᠬᠤ ᠮᠣᠩᠭᠣᠯ ᠤᠨ ᠪᠠᠭ ᠤᠨ ᠡᠯᠴᠢ ᠲᠥᠯᠥᠭᠡᠯᠡᠭᠴᠢ (Olympic Ambassador) ᠍ ᠪᠡᠷ ᠲᠣᠮᠢᠯᠠᠭᠰᠠᠨ ᠶᠤᠮ᠃ ᠡᠨᠡ ᠴᠢᠭᠯᠡᠯ ᠢᠶᠡᠷ ᠶᠠᠫᠣᠨ ᠳᠤ ᠬᠢᠬᠦ ᠠᠵᠢᠯ ᠶᠡᠬᠡ ᠪᠠᠶᠢᠭ᠎ᠠ ᠭᠡᠪᠡ᠃ ᠲᠡᠷᠡ ᠪᠡᠷ ᠮᠣᠩᠭᠣᠯ ᠤᠨ ᠤᠯᠢᠮᠫᠢᠺ  ᠤᠨ ᠪᠠᠭ ᠤᠨ ᠡᠯᠴᠢ ᠶᠢᠨ ᠬᠤᠪᠢ ᠳᠤ ᠲᠤᠰᠬᠠᠶᠢᠯᠠᠨ ᠵᠠᠬᠢᠶᠠᠯᠠᠵᠤ ᠬᠢᠯᠭᠡᠭᠰᠡᠨ᠂ ᠺᠢᠮᠤᠨᠤ᠋ ᠶᠢᠨ ᠳᠠᠪᠤᠤ ᠶᠢᠨ ᠢᠶᠡᠨ ᠳᠡᠭᠡᠵᠢ ᠶᠢ ᠤᠯᠤᠰ ᠤᠨ ᠶᠡᠬᠡ ᠬᠤᠷᠠᠯ ᠤᠨ ᠳᠠᠷᠤᠭ᠎ᠠ ᠮ∙ᠡᠩᠬᠡᠪᠣᠯᠤᠳ ᠲᠤ  ᠳᠤᠷᠠᠰᠬᠠᠯ᠎ᠠ᠃ ᠮ∙ᠡᠩᠬᠡᠪᠣᠯᠤᠳ ᠮᠣᠩᠭᠣᠯ ᠳᠤ ᠮᠡᠷᠭᠡᠵᠢᠯ ᠦᠨ ᠰᠦᠮᠦᠤ ᠶᠢᠨ ᠬᠣᠯᠪᠣᠭ᠎ᠠ ᠪᠠᠶᠢᠭᠤᠯᠬᠤ ᠠᠵᠢᠯ ᠳᠤ ᠣᠷᠣᠯᠴᠠᠵᠤ᠂ ᠲᠦᠷᠦᠭᠦᠦ ᠪᠦᠬᠡ ᠳᠦ ᠭᠠᠷᠳᠠᠭᠤᠯᠳᠠᠭ ᠮᠣᠩᠭᠣᠯ ᠤᠯᠤᠰ ᠤᠨ ᠶᠡᠷᠦᠩᠬᠡᠢ ᠰᠠᠶᠢᠳ ᠤᠨ ᠨᠡᠷᠡᠮᠵᠢᠲᠦ ᠴᠣᠮᠣ ᠶᠢ 2003 ᠣᠨ ᠳᠤ ᠰᠠᠨᠠᠭᠠᠴᠢᠯᠠᠵᠤ᠂ ᠪᠦᠲᠦᠭᠡᠯᠭᠡᠵᠦ ᠪᠠᠶᠢᠭᠰᠠᠨ ᠢᠶᠠᠨ ᠳᠤᠷᠠᠰᠪᠠ᠃
ᠬᠠᠺᠤᠬᠤ᠋ ᠮ∙ᠳᠠᠸᠠᠵᠢᠷᠭᠠᠯ ᠲᠡᠷᠡ ᠦᠶ᠎ᠡ ᠳᠦ ᠳᠥᠩᠭᠡᠵᠢ ᠳᠡᠭᠡᠳᠦ  ᠵᠢᠨᠳᠠᠭᠠᠨ ᠳᠤ ᠳᠡᠪᠰᠢᠭᠰᠡᠨ᠂ ᠡᠨᠡ ᠴᠣᠮᠣ ᠶᠢ ᠬᠡᠵᠢᠶ᠎ᠡ ᠨᠢᠭᠡᠨ ᠴᠠᠭ ᠲᠤ ᠠᠪᠤᠨ᠎ᠠ ᠳ᠋ᠠ ᠭᠡᠵᠦ ᠪᠣᠳᠣᠵᠤ ᠪᠠᠶᠢᠭᠰᠠᠨ ᠢᠶᠠᠨ ᠶᠠᠷᠢᠪᠠ ᠃ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠭᠠᠪᠢᠶᠠᠲᠤ ᠲᠠᠮᠢᠷᠴᠢᠨ᠂ ᠴᠢᠯᠦᠭᠡᠲᠦ ᠪᠥᠬᠡ ᠶᠢᠨ ᠳᠡᠯᠡᠬᠡᠢ ᠶᠢᠨ ᠠᠪᠤᠷᠭᠤ ᠶᠢᠨ ᠠᠩᠬᠠᠨ ᠤ ᠮᠧᠳᠠᠯ᠂ ᠤᠯᠢᠮᠫᠢᠺ

ᠤᠨ ᠠᠩᠬᠠᠨ ᠤ ᠮᠥᠩᠭᠥᠨ ᠮᠧᠳᠠᠯ ᠢ ᠡᠬᠡ ᠣᠷᠣᠨ ᠳᠤ ᠪᠠᠨ ᠠᠪᠴᠢᠷᠠᠵᠤ ᠪᠠᠶᠢᠭᠰᠠᠨ ᠳᠣᠮᠣᠭᠲᠤ ᠪᠥᠬᠡ᠂ ᠳᠠᠶᠠᠭᠠᠷ ᠳᠠᠭᠤᠷᠢᠰᠤᠭᠳᠠᠬᠤ ᠳᠠᠯᠠᠢ ᠳᠠᠶᠠᠩ ᠳᠠᠷᠬᠠᠨ ᠠᠪᠤᠷᠭᠤ ᠵᠢᠭᠵᠢᠳ ᠦᠨ ᠮᠥᠩᠬᠡᠪᠠᠲᠤ ᠶᠢᠨ ᠨᠡᠷᠡᠮᠵᠢᠲᠦ ᠴᠢᠯᠦᠭᠡᠲᠦ ᠪᠥᠬᠡ ᠶᠢᠨ ᠥᠰᠪᠦᠷᠢ ᠦᠶ᠎ᠡ ᠶᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢᠷᠡᠬᠦ ᠠᠮᠠᠷᠠᠯᠲᠠ ᠶᠢᠨ ᠡᠳᠦᠷ ᠦᠳ ᠲᠦ ᠠᠪᠤᠷᠭᠤ ᠶᠢᠨ ᠲᠦᠷᠦᠭᠰᠡᠨ ᠨᠤᠲᠤᠭ ᠲᠥᠪ ᠠᠶᠢᠮᠠᠭ ᠤᠨ ᠡᠷᠳᠡᠨᠢᠰᠠᠩᠲᠤ ᠰᠤᠮᠤᠨ ᠳᠤ ᠪᠣᠯᠬᠤ ᠶᠤᠮ ᠪᠠᠶᠢᠨ᠎ᠠ᠃ ᠤᠭ ᠲᠡᠮᠡᠴᠡᠭᠡᠨ ᠢ ᠵᠢᠯ ᠪᠦᠷᠢ ︽ᠬᠠᠺᠤᠬᠤ᠋ ᠰᠠᠩ︾ ᠍ ᠠᠴᠠ ᠢᠪᠡᠭᠡᠨ ᠲᠡᠳᠬᠦᠵᠦ᠂ ᠵᠣᠬᠢᠶᠠᠨ ᠪᠠᠶᠢᠭᠤᠯᠳᠠᠭ ᠪᠢᠯᠡ᠃

ᠰᠡᠳᠬᠢᠭᠳᠡᠯ ᠦᠯᠡᠳᠡᠭᠡᠬᠦ