ᠰᠢᠨ᠎ᠡ ᠨᠢᠰᠬᠦ ᠢᠷᠡᠬᠦ ᠵᠢᠯ ᠠᠰᠢᠭᠯᠠᠯᠲᠠ ᠳᠤ ᠣᠷᠣᠨ᠎ᠠ | News.MN

ᠰᠢᠨ᠎ᠡ ᠨᠢᠰᠬᠦ ᠢᠷᠡᠬᠦ ᠵᠢᠯ ᠠᠰᠢᠭᠯᠠᠯᠲᠠ ᠳᠤ ᠣᠷᠣᠨ᠎ᠠ

ᠬᠦᠰᠢᠭᠡ ᠶᠢᠨ ᠬᠥᠨᠳᠡᠢ ᠶᠢᠨ ᠰᠢᠨ᠎ᠡ ᠨᠢᠰᠬᠦ ᠣᠩᠭᠣᠴᠠᠨ ᠤ ᠪᠠᠭᠤᠳᠠᠯ ᠤᠨ ᠪᠠᠷᠢᠯᠭ᠎ᠠ ᠪᠠᠶᠢᠭᠤᠯᠤᠮᠵᠢ ᠶᠢᠨ ᠠᠵᠢᠯ 2008 ᠣᠨ ᠳᠤ ᠡᠬᠢᠯᠡᠭᠰᠡᠨ᠃ ᠰᠠᠯᠪᠤᠷᠢ ᠶᠢᠨ ᠰᠠᠶᠢᠳ ᠨᠢ ᠢᠷᠡᠬᠦ ᠠᠷᠪᠠᠨ ᠨᠢᠭᠡᠳᠦᠭᠡᠷ ᠰᠠᠷ᠎ᠠ ᠶᠢᠨ 8 ᠍ ᠳᠦ ᠠᠰᠢᠭᠯᠠᠯᠲᠠ ᠳᠤ ᠣᠷᠣᠭᠤᠯᠤᠨ᠎ᠠ᠂ ᠲᠥᠯᠦᠪᠯᠡᠭᠡᠨ ᠦ ᠳᠠᠭᠠᠤ ᠠᠵᠢᠯᠯᠠᠵᠤ ᠪᠠᠶᠢᠭ᠎ᠠ ᠭᠡᠵᠦ ᠮᠡᠳᠡᠭᠳᠡᠵᠦ ᠪᠠᠶᠢᠪᠠ᠃  ᠲᠡᠭᠡᠪᠡᠯ ᠨᠢᠰᠬᠦ ᠣᠩᠭᠣᠴᠠᠨ ᠤ ᠪᠠᠭᠤᠳᠠᠯ ᠠᠰᠢᠭᠯᠠᠯᠲᠠ ᠳᠤ ᠤᠷᠤᠬᠤ ᠬᠤᠭᠤᠴᠠᠭ᠎ᠠ 2019 ᠣᠨ ᠤ ᠲᠠᠪᠤᠳᠤᠭᠠᠷ ᠰᠠᠷ᠎ᠠ ᠶᠢᠨ 1 ᠬᠦᠷᠲᠡᠯ᠎ᠡ ᠬᠣᠶᠢᠰᠢᠯᠠᠭᠰᠠᠨ ᠭᠡᠵᠦ ᠢᠷᠭᠡᠨ ᠦ ᠨᠢᠰᠬᠦ ᠶᠢᠨ ᠤᠳᠤᠷᠢᠳᠤᠯᠭ᠎ᠠ ᠶᠢᠨ ᠭᠠᠵᠠᠷ ᠤᠨ ᠳᠠᠷᠤᠭ᠎ᠠ ᠲ∙ᠪᠠᠲᠤᠵᠢᠷᠭᠠᠯ ᠬᠡᠪᠯᠡᠯ ᠳᠦ ᠥᠭᠭᠦᠭᠰᠡᠨ ᠶᠠᠷᠢᠯᠴᠠᠯᠭ᠎ᠠ ᠳᠤ ᠪᠠᠨ ᠳᠤᠷᠠᠳᠴᠠᠢ᠃
ᠰᠢᠨ᠎ᠡ ᠨᠢᠰᠬᠦ ᠣᠩᠭᠣᠴᠠᠨ ᠤ ᠪᠠᠭᠤᠳᠠᠯ ᠤᠨ ᠪᠠᠷᠢᠯᠭ᠎ᠠ ᠪᠠᠶᠢᠭᠤᠯᠤᠮᠵᠢ ᠶᠢᠨ ᠠᠵᠢᠯ ᠢ ᠪᠦᠷᠢᠨ ᠬᠢᠵᠦ ᠳᠠᠭᠤᠰᠤᠭᠰᠠᠨ᠃ ᠲᠤᠬᠠᠶᠢᠯᠠᠪᠠᠯ᠂ ᠨᠢᠰᠬᠦ ᠣᠩᠭᠣᠴᠠ ᠬᠦᠭᠡᠷᠴᠦ ᠪᠠᠭᠤᠬᠤ ᠬᠠᠲᠠᠭᠤ ᠬᠤᠴᠢᠯᠲᠠ ᠲᠠᠢ ᠵᠤᠷᠪᠤᠰ᠂ ᠭᠡᠷᠡᠯᠲᠦᠭᠦᠯᠭᠡ ᠶᠢᠨ ᠰᠢᠰᠲ᠋ᠧᠮ ᠢ ᠪᠦᠷᠢᠨ ᠰᠠᠭᠤᠯᠭᠠᠭᠰᠠᠨ᠃ ᠬᠠᠷᠢᠨ ᠵᠠᠷᠢᠮ ᠨᠢᠭᠡ ᠳᠡᠳ᠋ ᠪᠦᠲᠦᠴᠡ ᠶᠢᠨ ᠪᠠᠷᠢᠯᠭ᠎ᠠ ᠪᠠᠶᠢᠭᠤᠯᠤᠮᠵᠢ ᠳᠤᠲᠠᠭᠤ ᠪᠠᠶᠢᠨ᠎ᠠ᠃ ᠥᠭᠡᠷ᠎ᠡ ᠪᠡᠷ ᠬᠡᠯᠡᠪᠡᠯ᠂ ᠳᠡᠳ᠋ ᠪᠦᠲᠦᠴᠡ ᠶᠢᠨ ᠠᠵᠢᠯ ᠲᠠᠢ ᠬᠣᠯᠪᠣᠭᠠᠲᠠᠢ ᠪᠠᠷ ᠠᠰᠢᠭᠯᠠᠯᠲᠠ ᠳᠤ ᠤᠷᠤᠬᠤ ᠬᠤᠭᠤᠴᠠᠭ᠎ᠠ ᠳᠠᠷᠠᠭ᠎ᠠ ᠣᠨ ᠬᠦᠷᠲᠡᠯ᠎ᠡ ᠬᠣᠶᠢᠰᠢᠯᠠᠭᠳᠠᠵᠤ ᠪᠠᠶᠢᠭ᠎ᠠ ᠠᠵᠠᠢ ᠃  ᠬᠦᠰᠢᠭᠡ ᠶᠢᠨ ᠬᠥᠨᠳᠡᠢ ᠶᠢᠨ ᠨᠢᠰᠬᠦ ᠣᠩᠭᠣᠴᠠᠨ ᠤ ᠪᠠᠭᠤᠳᠠᠯ ᠳᠤ ᠣᠴᠢᠬᠤ ᠵᠠᠮ ᠤᠨ ᠠᠵᠢᠯ ᠳᠠᠭᠤᠰᠤᠭ᠎ᠠ ᠦᠭᠡᠢ ᠪᠠᠶᠢᠭ᠎ᠠ ᠠᠴᠠ ᠭᠠᠳᠠᠨ᠎ᠠ ᠠᠭᠠᠷ ᠤᠨ ᠬᠦᠯᠭᠡ ᠪᠡᠨ ᠡᠪᠦᠯ ᠦᠨ ᠴᠠᠭ ᠢᠶᠠᠷ ᠪᠠᠶᠢᠷᠢᠯᠠᠭᠤᠯᠬᠤ ᠪᠠᠶᠢᠭᠤᠯᠤᠮᠵᠢ ᠴᠤ ᠪᠠᠷᠢᠭᠳᠠᠭ᠎ᠠ ᠦᠭᠡᠢ ᠶᠤᠮ ᠪᠠᠶᠢᠨ᠎ᠠ᠃
ᠮ ᠂ ᠠᠮᠤᠷᠵᠢᠷᠭᠠᠯ

ᠰᠡᠳᠬᠢᠭᠳᠡᠯ ᠦᠯᠡᠳᠡᠭᠡᠬᠦ