ᠤ᠊∙ᠬᠦᠷᠡᠯᠰᠦ᠋ᠬᠡ ᠺᠣᠩᠷᠧᠰᠰ ᠤᠨ ᠨᠣᠮ ᠤᠨ ᠰᠠᠩ ᠳᠤ ᠵᠤᠴᠢᠯᠠᠯ᠎ᠠ | News.MN

ᠤ᠊∙ᠬᠦᠷᠡᠯᠰᠦ᠋ᠬᠡ ᠺᠣᠩᠷᠧᠰᠰ ᠤᠨ ᠨᠣᠮ ᠤᠨ ᠰᠠᠩ ᠳᠤ ᠵᠤᠴᠢᠯᠠᠯ᠎ᠠ

ᠶᠡᠷᠦᠩᠬᠡᠢ ᠰᠠᠶᠢᠳ ᠤᠨ ᠠᠮᠧᠷᠢᠺᠠ ᠳᠤ ᠬᠢᠵᠦ ᠪᠤᠢ ᠠᠯᠪᠠᠨ ᠠᠶᠢᠯᠴᠢᠯᠠᠯ ᠦᠷᠭᠦᠯᠵᠢᠯᠡᠵᠦ  ᠂ ᠲᠡᠷᠡᠪᠡᠷ ᠺᠣᠩᠷᠧᠰᠰ ᠤᠨ ᠨᠣᠮ ᠤᠨ  ᠰᠠᠩ ᠢᠶᠠᠷ ᠵᠣᠴᠢᠯᠠᠵᠤ᠂ ᠠᠽᠢ ᠶᠢᠨ ᠲᠠᠩᠬᠢᠮ ᠤᠨ ᠲᠦᠪᠡᠳ ᠮᠣᠩᠭᠣᠯ ᠤᠨ ᠨᠣᠮ ᠤᠨ ᠲᠠᠰᠤᠭ ᠲᠤ ᠨᠣᠮ ᠪᠦᠲᠦᠭᠡᠯ ᠲᠡᠢ ᠲᠠᠨᠢᠯᠴᠠᠪᠠ᠃ ᠡᠨᠡ ᠦᠶ᠎ᠡ ᠪᠡᠷ ᠮᠣᠩᠭᠣᠯ ᠰᠤᠳᠤᠯᠤᠭᠠᠴᠢ ᠠᠯᠢᠱᠠ ᠺᠸᠮᠫᠢ PETIS᠂ FRANCOIS ᠵᠣᠬᠢᠶᠠᠯᠴᠢ ᠶᠢᠨ ᠪᠢᠴᠢᠭᠰᠡᠨ History du grand Genghizcan ᠪᠤᠶᠤ ︽ᠴᠢᠩᠭᠢᠰ ᠬᠠᠭᠠᠨ ᠤ ᠨᠠᠮᠲᠠᠷ︾ ᠲᠡᠦᠬᠡ ᠶᠢᠨ ᠨᠣᠮ ᠤᠨ ᠲᠠᠯ᠎ᠠ ᠪᠠᠷ ᠲᠠᠶᠢᠯᠪᠤᠷᠢ ᠥᠭᠥᠯᠡᠪᠡ᠃
ᠮᠥᠨ ᠲᠣᠮᠠᠰ ᠵᠧᠹᠹᠧᠷᠰᠣᠨ ᠤ ᠨᠣᠮ ᠤᠨ ᠰᠠᠩ᠂ ᠲᠥᠪ ᠤᠩᠰᠢᠯᠭ᠎ᠠ ᠶᠢᠨ ᠲᠠᠩᠬᠢᠮ ᠢᠶᠠᠷ ᠶᠠᠪᠤᠵᠤ ᠲᠠᠨᠢᠯᠴᠠᠯ᠎ᠠ᠃ ᠲᠡᠭᠦᠨᠴᠢᠯᠡᠨ ᠶᠡᠷᠦᠩᠬᠡᠢ ᠰᠠᠶᠢᠳ ᠤ᠊∙ᠬᠦᠷᠡᠯᠰᠦ᠋ᠬᠡ ᠺᠣᠩᠷᠧᠰᠰ ᠤᠨ ᠨᠣᠮ ᠤᠨ ᠰᠠᠩ ᠳᠤ ᠨᠣᠮ ᠭᠠᠷᠳᠠᠭᠤᠯᠵᠤ᠂ ᠳᠤᠷᠠᠰᠬᠠᠯ ᠤᠨ ᠳᠡᠪᠲᠡᠷ ᠲᠦ ᠭᠠᠷ ᠤᠨ ᠦᠰᠦᠭ ᠵᠢᠷᠤᠪᠠ᠃
ᠮ ᠂ ᠠᠮᠤᠷᠵᠢᠷᠭᠠᠯ

ᠰᠡᠳᠬᠢᠭᠳᠡᠯ ᠦᠯᠡᠳᠡᠭᠡᠬᠦ