ᠳ∙ᠰᠤᠮᠢᠶ᠎ᠠ ᠳᠡᠯᠡᠬᠡᠢ ᠶᠢᠨ ᠠᠪᠤᠷᠭᠤ  ᠶᠢᠨ ᠬᠣᠣᠰ ᠬᠦᠷᠡᠯ ᠮᠧᠳᠠᠯ ᠲᠠᠢ ᠪᠣᠯᠤᠯ᠎ᠠ | News.MN

ᠳ∙ᠰᠤᠮᠢᠶ᠎ᠠ ᠳᠡᠯᠡᠬᠡᠢ ᠶᠢᠨ ᠠᠪᠤᠷᠭᠤ  ᠶᠢᠨ ᠬᠣᠣᠰ ᠬᠦᠷᠡᠯ ᠮᠧᠳᠠᠯ ᠲᠠᠢ ᠪᠣᠯᠤᠯ᠎ᠠ

ᠠᠽᠧᠷᠪᠠᠶᠢᠵᠠᠨ ᠤ ᠨᠡᠶᠢᠰᠯᠡᠯ ᠪᠠᠺᠦ᠋ ᠬᠤᠲᠠᠨ᠎ᠠ ᠪᠣᠯᠵᠤ ᠪᠤᠢ ᠵᠢᠦ᠋ᠳᠣ᠋ ᠪᠥᠬᠡ ᠶᠢᠨ ᠨᠠᠰᠤᠨ ᠳᠤ  ᠬᠦᠷᠦᠭᠴᠢᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠡᠮᠡᠭᠲᠡᠶᠢᠴᠦᠳ ᠦᠨ 57  ᠺᠢᠯᠦᠭᠷᠡᠮ ᠳᠦ ᠪᠠᠷᠢᠯᠳᠤᠭᠰᠠᠨ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠤᠯᠢᠮᠫᠢᠺ ᠤᠨ ᠮᠥᠩᠭᠥᠨ ᠮᠸᠳᠠᠯᠲᠤ ᠳᠡᠯᠡᠬᠡᠢ ᠶᠢᠨ ᠠᠪᠤᠷᠭᠤ ᠳ∙ᠰᠤᠮᠢᠶ᠎ᠠ ᠡᠨᠡ ᠵᠢᠯ  ᠬᠦᠷᠡᠯ ᠮᠧᠳᠠᠯ ᠬᠦᠷᠲᠡᠵᠦ᠂ ᠪᠠᠭ ᠲᠠᠮᠢᠷᠴᠢᠳ ᠤᠨ ᠢᠶᠠᠨ ᠠᠩᠬᠠᠨ ᠤ ᠮᠧᠳᠠᠯ ᠤᠨ ᠰᠠᠯᠬᠢ ᠶᠢ ᠬᠠᠭᠠᠯᠤᠯ᠎ᠠ᠃ ᠲᠡᠷᠡᠪᠡᠷ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 2015 ᠣᠨ ᠳᠤ ᠬᠦᠷᠡᠯ᠂ 2017 ᠣᠨ ᠳᠤ ᠠᠯᠲᠠ᠂ 2018 ᠣᠨ ᠳᠤ ᠬᠦᠷᠡᠯ ᠮᠧᠳᠠᠯ ᠬᠦᠷᠲᠡᠭᠰᠡᠨ ᠠᠮᠵᠢᠯᠲᠠ ᠪᠠᠷ ᠢᠶᠠᠨ ᠳᠡᠯᠡᠬᠡᠢ ᠶᠢᠨ ᠠᠪᠤᠷᠭᠤ ᠠᠴᠠ ᠭᠤᠷᠪᠠᠨ ᠮᠧᠳᠠᠯ ᠢ ᠡᠬᠡ ᠣᠷᠣᠨ ᠳᠤ ᠪᠠᠨ ᠠᠪᠴᠢᠷᠠᠵᠤ ᠴᠢᠳᠠᠭᠰᠠᠨ ᠮᠣᠩᠭᠣᠯ ᠤᠨ ᠠᠩᠬᠠᠨ ᠤ ᠲᠠᠮᠢᠷᠴᠢᠨ ᠪᠣᠯᠪᠠ᠃

ᠰᠡᠳᠬᠢᠭᠳᠡᠯ ᠦᠯᠡᠳᠡᠭᠡᠬᠦ