ᠪᠥᠷᠭᠥᠳᠴᠢᠨ ᠥᠬᠢᠨ《ᠨᠡᠭᠦᠳᠡᠯᠴᠢᠳ 》 ᠺᠢᠨᠤ᠋ ᠳᠤ ᠲᠣᠭᠯᠠᠵᠠᠢ | News.MN

ᠪᠥᠷᠭᠥᠳᠴᠢᠨ ᠥᠬᠢᠨ《ᠨᠡᠭᠦᠳᠡᠯᠴᠢᠳ 》 ᠺᠢᠨᠤ᠋ ᠳᠤ ᠲᠣᠭᠯᠠᠵᠠᠢ

ᠳᠡᠯᠡᠬᠡᠢ ᠳ᠋ᠠᠬᠢᠨ ᠳᠤ ︽ᠪᠥᠷᠭᠥᠳᠴᠢᠨ ᠥᠬᠢᠨ︾ ᠬᠡᠮᠡᠨ ᠠᠯᠳᠠᠷᠰᠢᠭᠰᠠᠨ ᠮᠣᠩᠭᠣᠯ ᠤᠨ ᠪᠥᠷᠭᠥᠳᠴᠢᠨ ᠨ ∙ ᠠᠶᠢᠱᠤᠯᠫᠠᠨ ᠰᠠᠶ᠋ᠢᠬᠠᠨ ᠬᠠᠰᠠᠭᠰᠲ᠋ᠠᠨ ᠤ ᠦᠨᠳᠦᠰᠦᠨ ᠦ ᠷᠠᠳᠢᠣ᠋ ᠲᠸᠯᠸᠢᠰ ᠦᠨ  ᠺᠤᠷᠫᠤᠷᠠᠼ ᠤᠨ ᠵᠠᠬᠢᠶᠠᠯᠠᠭ᠎ᠠ ᠪᠠᠷ ᠪᠦᠲᠦᠭᠡᠭᠰᠡᠨ ︽ᠨᠡᠭᠦᠳᠡᠯᠴᠢᠳ︾ ᠪᠠᠷᠢᠮᠲᠠᠲᠤ ᠺᠢᠨᠤ᠋ ᠳᠤ ᠲᠣᠭᠯᠠᠭᠰᠠᠨ ᠲᠠᠯ᠎ᠠ ᠪᠠᠷ ᠲᠤᠰ ᠤᠯᠤᠰ ᠤᠨ ᠠᠯᠪᠠᠨ ᠤ ᠮᠡᠳᠡᠭᠡᠯᠡᠯ ᠦᠨ ᠬᠡᠷᠡᠭᠰᠡᠯ ᠢᠶᠡᠷ ᠮᠡᠳᠡᠭᠡᠯᠡᠯ᠎ᠡ᠃ ᠺᠢᠨᠣ᠋ ᠨᠢ 12 ᠠᠩᠭᠢ ᠠᠴᠠ ᠪᠥᠷᠢᠳᠬᠦ ᠪᠥᠭᠡᠳ ᠮᠣᠩᠭᠣᠯ᠂ ᠣᠷᠣᠰ᠂ ᠠᠹᠭᠠᠨᠢᠰᠲ᠋ᠠᠨ᠂ ᠬᠢᠲᠠᠳ᠂ ᠲᠦᠺ᠂ ᠢᠷᠡᠨ ᠵᠡᠷᠭᠡ ᠤᠯᠤᠰ ᠲᠤ ᠠᠵᠤ ᠲᠥᠷᠦᠳᠡᠭ ᠬᠠᠰᠠᠭ ᠦᠨᠳᠦᠰᠦᠲᠡᠨ ᠦ ᠠᠵᠤ ᠠᠮᠢᠳᠤᠷᠠᠯ ᠤᠨ ᠲᠠᠯ᠎ᠠ ᠪᠠᠷ ᠦᠭᠦᠯᠡᠳᠡᠭ ᠠᠵᠠᠢ ᠃
ᠨ ∙ ᠠᠶᠢᠱᠤᠯᠫᠠᠨ ᠥᠨᠥᠳᠥᠷ  ᠠᠰᠲ᠋ᠠᠨᠠ ᠬᠤᠲᠠ ᠳᠤ ᠪᠣᠯᠤᠭᠰᠠᠨ ᠳᠡᠭᠡᠷᠡᠬᠢ  ᠺᠢᠨᠤ᠋ ᠶᠢᠨ ᠲᠤᠬᠠᠢ ᠬᠡᠪᠯᠡᠯ ᠦᠨ ᠪᠠᠭ᠎ᠠ ᠬᠤᠷᠠᠯ ᠳᠤ ᠣᠷᠣᠯᠴᠠᠵᠠᠢ᠃ ᠲᠡᠷᠡ ᠪᠡᠷ ᠬᠠᠰᠠᠭᠰᠲ᠋ᠠᠨ ᠤᠯᠤᠰ ᠲᠤ ᠠᠩᠬ᠎ᠠ ᠤᠳᠤᠭ᠎ᠠ ᠪᠠᠨ ᠵᠣᠴᠢᠯᠠᠵᠤ ᠪᠤᠢ ᠪᠠᠨ ᠳᠤᠷᠠᠳᠴᠤ᠂ ᠨᠡᠭᠦᠳᠡᠯᠴᠢᠳ ᠦᠨ ᠲᠠᠯ᠎ᠠ ᠪᠠᠷ ᠺᠢᠨᠣ᠋ ᠪᠦᠲᠦᠭᠡᠭᠰᠡᠨ ᠬᠠᠰᠠᠭᠰᠲ᠋ᠠᠨ ᠤ ᠲᠠᠯ᠎ᠠ ᠶᠢᠨ ᠤᠳᠤᠷᠢᠳᠤᠯᠭ᠎ᠠ ᠳᠤ ᠲᠠᠯᠠᠷᠬᠠᠯ ᠢᠯᠡᠷᠬᠡᠶᠢᠯᠡᠭᠰᠡᠨ ᠪᠠᠶᠢᠨ᠎ᠠ᠃  ︽ᠨᠡᠭᠦᠳᠡᠯᠴᠢᠳ》ᠪᠠᠷᠢᠮᠳᠠᠳᠤ ᠺᠢᠨᠣ᠋ ᠨᠢ ᠠᠷᠪᠠᠳᠤᠭᠠᠷ ᠰᠠᠷ᠎ᠠ ᠶᠢᠨ 14 ᠍ ᠡᠴᠡ ᠡᠬᠢᠯᠡᠵᠦ ᠬᠠᠰᠠᠭᠰᠲ᠋ᠠᠨ ᠤ ᠲᠸᠯᠸᠢᠰ ᠦᠳ ᠢᠶᠠᠷ ᠭᠠᠷᠤᠨ᠎ᠠ᠃
ᠥ᠊ ∙ ᠨᠤᠷᠪᠤᠯᠠᠲ

ᠰᠡᠳᠬᠢᠭᠳᠡᠯ ᠦᠯᠡᠳᠡᠭᠡᠬᠦ