ᠮᠥᠩᠭᠥᠨ ᠦ ᠨᠡᠶᠢᠯᠡᠭᠦᠯᠦᠯᠲᠡ ᠨᠠᠢᠮᠠᠳᠤᠭᠠᠷ ᠰᠠᠷ᠎ᠠ ᠶᠢᠨ ᠦᠵᠡᠭᠦᠯᠦᠯᠲᠡ ᠪᠡᠷ 17.4 ᠶᠡᠬᠡ ᠨᠠᠶᠠᠳ ᠲᠥᠭᠥᠷᠢᠭ ᠲᠦ ᠬᠦᠷᠴᠦ᠂ ᠡᠮᠦᠨᠡᠬᠢ ᠰᠠᠷ᠎ᠠ ᠠᠴᠠ 229.1 ᠲᠡᠷᠪᠤᠮ ᠲᠥᠭᠥᠷᠢᠭ ᠢᠶᠡᠷ ᠥᠰᠦᠭᠰᠡᠨ ᠦᠵᠡᠭᠦᠯᠦᠯᠲᠡ ᠭᠠᠷᠤᠭᠰᠠᠨ ᠪᠠᠶᠢᠨ᠎ᠠ᠃ ᠬᠠᠷᠢᠨ ᠭᠦᠢᠯᠭᠡᠭᠡᠨ ᠳᠦ ᠭᠠᠷᠤᠭᠰᠠᠨ ᠪᠡᠯᠡᠨ ᠮᠥᠩᠭᠥ ᠳᠣᠯᠣᠳᠤᠭᠠᠷ ᠰᠠᠷ᠎ᠠ ᠠᠴᠠ 10.4 ᠲᠡᠷᠪᠤᠮ ᠲᠥᠭᠥᠷᠢᠭ ᠢᠶᠡᠷ᠂ ᠡᠮᠦᠨᠡᠬᠢ ᠣᠨ ᠤ ᠮᠥᠨ ᠦᠶᠡᠰ 27.9 ᠲᠡᠷᠪᠤᠮ ᠲᠥᠭᠥᠷᠢᠭ ᠢᠶᠡᠷ ᠲᠤᠰ ᠲᠤᠰ ᠥᠰᠴᠠᠢ᠃ ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ᠂ ᠢᠷᠭᠡᠳ ᠲᠦ ᠣᠯᠭᠤᠭᠰᠠᠨ ᠵᠢᠭᠡᠯᠡ ᠶᠢᠨ ᠦᠯᠡᠳᠡᠭᠳᠡᠯ ᠡᠮᠦᠨᠡᠬᠢ ᠣᠨ ᠤ ᠮᠥᠨ ᠦᠶᠡᠰ 20.2 ᠬᠤᠪᠢᠶᠠᠷᠢ ᠥᠰᠦᠭᠰᠡᠨ ᠦᠵᠡᠭᠦᠯᠦᠯᠲᠡ ᠭᠠᠷᠤᠭᠰᠠᠨ ᠪᠠᠶᠢᠨ᠎ᠠ᠃ ᠲᠣᠳᠣᠷᠠᠭᠤᠯᠪᠠᠯ ᠢᠷᠭᠡᠳ᠂ ᠠᠵᠤ ᠠᠬᠤᠢ ᠶᠢᠨ ᠨᠢᠭᠡᠴᠡ ᠨᠦᠭᠦᠳ ᠲᠦ ᠣᠯᠭᠤᠭᠰᠠᠨ ᠵᠢᠭᠡᠯᠡ ᠶᠢᠨ ᠦᠯᠡᠳᠡᠭᠳᠡᠯ ᠡᠮᠦᠨᠡᠬᠢ ᠰᠠᠷ᠎ᠠ ᠠᠴᠠ 2.2 ᠬᠤᠪᠢ ᠪᠠᠷ ᠥᠰᠴᠠᠢ᠃ ᠲᠡᠭᠦᠨᠴᠢᠯᠡᠨ ᠬᠤᠭᠤᠴᠠᠭ᠎ᠠ ᠬᠡᠲᠦᠷᠡᠭᠰᠡᠨ ᠵᠢᠭᠡᠯᠡ ᠡᠮᠦᠨᠡᠬᠢ ᠰᠠᠷ᠎ᠠ ᠠᠴᠠ 17.2 ᠲᠡᠷᠪᠤᠮ ᠲᠥᠭᠥᠷᠢᠭ ᠢᠶᠡᠷ ᠪᠠᠭᠤᠷᠠᠭᠰᠠᠨ ᠪᠠᠶᠢᠨ᠎ᠠ᠃
ᠪ ∙ ᠠᠷᠢᠭᠤᠨᠵᠠᠶᠠᠭ᠎ᠠ