ᠤᠨᠤᠳᠠᠭ ᠳᠤᠭᠤᠢ ᠤᠨᠤᠬᠤ ᠤᠷᠢᠶᠠᠯᠠᠭ᠎ᠠ ᠭᠠᠷᠭᠠᠯ᠎ᠠ | News.MN

ᠤᠨᠤᠳᠠᠭ ᠳᠤᠭᠤᠢ ᠤᠨᠤᠬᠤ ᠤᠷᠢᠶᠠᠯᠠᠭ᠎ᠠ ᠭᠠᠷᠭᠠᠯ᠎ᠠ

ᠳᠤᠮᠳᠠᠭᠤᠪᠢ ᠠᠶᠢᠮᠠᠭ ᠤᠨ ᠡᠷᠡᠭᠦᠯ ᠮᠡᠨᠳᠦ ᠶᠢᠨ ᠭᠠᠵᠠᠷ ᠠᠴᠠ ᠪᠦᠬᠦ ᠪᠠᠶᠢᠭᠤᠯᠤᠯᠭ᠎ᠠ᠂ ᠠᠵᠤ ᠠᠬᠤᠢ ᠶᠢᠨ ᠨᠢᠭᠡᠴᠡ ᠨᠦᠭᠦᠳ ᠢ ᠭᠠᠳᠠᠨ᠎ᠠ ᠪᠠᠨ ᠤᠨᠤᠳᠠᠭ ᠳᠤᠭᠤᠢ ᠶᠢᠨ  ᠵᠣᠭᠰᠣᠭᠠᠯ ᠬᠢᠵᠦ᠂ ᠨᠡᠶᠢᠲᠡ ᠪᠡᠷ ᠢᠶᠡᠨ ᠳᠤᠭᠤᠢ ᠤᠨᠤᠬᠤ ᠤᠷᠢᠶᠠᠯᠠᠭ᠎ᠠ ᠭᠠᠷᠭᠠᠯ᠎ᠠ᠃  ᠳᠤᠮᠳᠠᠭᠤᠪᠢ ᠠᠶᠢᠮᠠᠭ 2018 ᠣᠨ ᠢ ︽ᠡᠷᠡᠭᠦᠯ ᠮᠡᠨᠳᠦ ᠶᠢ ᠳᠡᠮᠵᠢᠬᠦ ᠵᠢᠯ︾ ᠪᠣᠯᠭᠠᠭᠰᠠᠨ ᠲᠠᠢ ᠬᠣᠯᠪᠣᠭᠳᠠᠭᠤᠯᠵᠤ ᠢᠷᠭᠡᠳ ᠦᠨ ᠢᠶᠡᠨ ᠡᠷᠡᠭᠦᠯ ᠮᠡᠨᠳᠦ ᠶᠢ ᠰᠠᠶᠢᠵᠢᠷᠠᠭᠤᠯᠬᠤ᠂ ᠤᠷᠢᠳᠴᠢᠯᠠᠨ ᠰᠡᠷᠭᠡᠶᠢᠯᠡᠬᠦ᠂ ᠡᠷᠡᠭᠦᠯ ᠮᠡᠨᠳᠦ ᠶᠢᠨ ᠪᠣᠯᠪᠠᠰᠤᠷᠠᠯ ᠣᠯᠭᠣᠬᠤ ᠣᠯᠠᠨ ᠲᠠᠯᠠᠲᠤ ᠦᠢᠯᠡ ᠠᠵᠢᠯᠯᠠᠭ᠎ᠠ ᠶᠢ ᠬᠡᠷᠡᠭᠵᠢᠭᠦᠯᠵᠦ ᠪᠤᠢ ᠶᠢᠨ ᠨᠢᠭᠡ ᠨᠢ ︽ᠤᠨᠤᠳᠠᠭ ᠳᠤᠭᠤᠢ ᠤᠨᠤᠬᠤ ᠬᠥᠳᠡᠯᠭᠡᠭᠡᠨ︾ ᠠᠵᠠᠢ ᠃
ᠡᠨᠡ ᠣᠨ ᠤ ᠨᠠᠢᠮᠠᠳᠤᠭᠠᠷ ᠰᠠᠷ᠎ᠠ ᠶᠢᠨ ᠪᠠᠶᠢᠳᠠᠯ ᠢᠶᠠᠷ ᠠᠶᠢᠮᠠᠭ ᠤᠨ ᠬᠡᠮᠵᠢᠶᠡᠨ ᠳᠦ ᠨᠠᠰᠤ  ᠪᠠᠷᠠᠯᠲᠠ ᠶᠢᠨ 181 ᠲᠣᠬᠢᠶᠠᠯᠳᠤᠯ ᠪᠦᠷᠢᠳᠬᠡᠭᠳᠡᠭᠰᠡᠨ ᠨᠢ ᠥᠩᠭᠡᠷᠡᠭᠰᠡᠨ ᠣᠨ ᠤ ᠮᠥᠨ ᠦᠶ᠎ᠡ ᠲᠡᠢ ᠬᠠᠷᠢᠴᠠᠭᠤᠯᠬᠤ ᠳᠤ 25 ᠲᠣᠬᠢᠶᠠᠯᠳᠤᠯ ᠢᠶᠠᠷ ᠥᠰᠦᠭᠰᠡᠨ ᠪᠥᠭᠡᠳ ᠨᠠᠰᠤ  ᠪᠠᠷᠠᠯᠲᠠ ᠶᠢᠨ ᠰᠢᠯᠲᠠᠭᠠᠨ ᠤ ᠳᠡᠶᠢᠯᠦᠩᠬᠢ ᠶᠢ ᠬᠣᠣᠷᠲᠤ ᠬᠠᠪᠤᠳᠠᠷ ᠪᠣᠯᠤᠨ ᠵᠢᠷᠦᠬᠡ ᠰᠤᠳᠠᠰᠤᠨ ᠤ ᠡᠪᠡᠳᠴᠢᠯᠡᠯ ᠡᠵᠡᠯᠡᠵᠦ ᠪᠠᠶᠢᠭ᠎ᠠ ᠠᠵᠠᠢ ᠃
ᠣᠳᠣ ᠶᠢᠨ ᠪᠠᠶᠢᠳᠠᠯ ᠢᠶᠠᠷ ᠠᠶᠢᠮᠠᠭ ᠤᠨ ᠲᠥᠪ ᠦᠨ ︽ᠮᠠᠨᠳᠠᠯ︾ ᠰᠤᠷᠭᠠᠭᠤᠯᠢ ᠶᠢᠨ ᠭᠠᠳᠠᠨ᠎ᠠ  ᠤᠨᠤᠳᠠᠭ ᠳᠤᠭᠤᠢ ᠶᠢᠨ  ᠵᠣᠭᠰᠣᠭᠠᠯ ᠪᠠᠶᠢᠳᠠᠭ᠃ ᠬᠠᠷᠢᠨ ᠤᠷᠢᠶᠠᠯᠠᠭ᠎ᠠ ᠭᠠᠷᠭᠠᠭᠴᠢ ᠡᠷᠡᠭᠦᠯ  ᠮᠡᠨᠳᠦ ᠶᠢᠨ ᠭᠠᠵᠠᠷ ᠭᠠᠳᠠᠨ᠎ᠠ ᠪᠠᠨ ᠳᠤᠭᠤᠢ ᠶᠢᠨ ᠵᠣᠭᠰᠣᠭᠠᠯ ᠬᠢᠵᠦ᠂ ᠪᠤᠰᠤᠳ ᠪᠠᠶᠢᠭᠤᠯᠤᠯᠭ᠎ᠠ ᠨᠤᠭᠤᠳ ᠲᠤ ᠦᠯᠢᠭᠡᠷ ᠳᠠᠭᠤᠷᠢᠶᠠᠯ ᠦᠵᠡᠭᠦᠯᠵᠦ ᠪᠤᠢ᠃
ᠳ ∙ ᠠᠯᠲᠠᠨᠲ᠋ᠣᠭᠣᠰ

ᠰᠡᠳᠬᠢᠭᠳᠡᠯ ᠦᠯᠡᠳᠡᠭᠡᠬᠦ