ᠡᠨᠡ ᠰᠠᠷ᠎ᠠ ᠶᠢᠨ 17 ᠍ ᠤ ᠡᠳᠦᠷ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠍ ᠤᠨ ᠨᠡᠷᠡᠲᠦ ᠵᠦᠴᠦᠭᠡᠴᠢᠨ ᠰᠦᠨ ᠵᠦᠩ ᠭᠢ ᠰᠸᠦ᠋ᠯ ᠬᠣᠲᠠ ᠶᠢᠨ ︽ᠰᠤᠨᠮᠤ︾ ᠡᠮᠨᠡᠯᠭᠡ ᠳᠦ ᠭᠡᠨᠡᠳᠲᠡ ᠵᠣᠴᠢᠯᠠᠵᠤ᠂ ᠨᠡᠷᠡᠭᠦᠢ ᠭᠡᠬᠦ 11 ᠨᠠᠰᠤᠲᠠᠢ ᠮᠣᠩᠭᠣᠯ ᠬᠦᠦ ᠲᠡᠢ ᠠᠭᠤᠯᠵᠠᠵᠤ ᠰᠡᠳᠬᠢᠯ ᠦᠨ ᠳᠡᠮ ᠥᠭᠭᠦᠭᠰᠡᠨ ᠲᠠᠯ᠎ᠠ ᠪᠠᠷ Weibo ᠴᠠᠬᠢᠮ ᠬᠠᠭᠤᠳᠠᠰᠤ ᠳᠤ ᠮᠡᠳᠡᠭᠡᠯᠡᠵᠡᠢ᠃
ᠲᠥᠷᠥᠯᠬᠢ ᠶᠢᠨ ᠬᠠᠮᠠᠷ ᠦᠭᠡᠢ ᠲᠦᠷᠦᠭᠰᠡᠨ ᠨᠡᠷᠡᠭᠦᠢ 2013 ᠣᠨ ᠳᠤ ︽ᠰᠤᠨᠮᠤ︾ ᠡᠮᠨᠡᠯᠭᠡ ᠳᠦ 3D ᠫᠷᠢᠨᠲ᠋ ᠲᠧᠭᠨᠣᠯᠣᠭᠢ ᠪᠠᠷ ᠬᠢᠭᠰᠡᠨ ᠬᠢᠮᠡᠯ ᠡᠷᠬᠡᠲᠡᠨ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠬᠢᠯᠭᠡᠭᠦᠯᠦᠭᠰᠡᠨ ᠪᠠᠶᠢᠨ᠎ᠠ᠃ ᠲᠤᠬᠠᠢ ᠶᠢᠨ ᠦᠶ᠎ᠡ ᠳᠦ ᠶᠢᠨ ᠬᠠᠭᠠᠯᠤᠭ᠎ᠠ ᠶᠢ ᠰᠣᠯᠣᠩᠭᠣᠰ ᠤᠨ ᠡᠷᠡᠭᠦᠯ ᠮᠡᠨᠳᠦ ᠶᠢ ᠬᠠᠮᠠᠭᠠᠯᠠᠬᠤ ᠢᠨᠰᠲ᠋ᠢᠲ᠋ᠦᠲ ᠡᠴᠡ ᠢᠪᠡᠭᠡᠨ ᠲᠡᠳᠬᠦᠵᠦ᠂ ᠦᠨ᠎ᠡ ᠲᠥᠯᠦᠪᠦᠷᠢ ᠦᠭᠡᠢ ᠬᠢᠭᠰᠡᠨ ᠠᠵᠠᠢ᠃ ᠲᠡᠷᠡ ᠦᠶ᠎ᠡ ᠪᠡᠷ ᠰᠣᠯᠣᠩᠭᠣᠰ ᠡᠮᠨᠡᠯᠭᠡ ᠶᠢᠨ ᠵᠠᠷ ᠰᠤᠷᠲᠠᠯᠴᠢᠯᠠᠭᠠᠨ ᠤ ᠮᠣᠳᠧᠯ ᠪᠠᠶᠢᠭᠰᠠᠨ ᠵᠦᠴᠦᠭᠡᠴᠢᠨ ᠰᠦᠨ ᠵᠦᠩ ᠭᠢ ᠬᠦᠦ ᠶᠢ ᠡᠮᠨᠡᠯᠭᠡ ᠡᠴᠡ ᠭᠠᠷᠤᠭᠰᠠᠨ ᠳᠤ ᠪᠠᠶᠠᠷ ᠬᠦᠷᠭᠡᠨ ᠠᠩᠬ᠎ᠠ ᠤᠳᠠᠭ᠎ᠠ ᠣᠴᠢᠵᠤ ᠠᠭᠤᠯᠵᠠᠵᠤ ᠪᠠᠶᠢᠵᠠᠢ᠃ ᠬᠦᠦ ᠡᠨᠡ ᠤᠳᠠᠭ᠎ᠠ ᠡᠮᠴᠢᠯᠡᠭᠡ ᠬᠢᠯᠭᠡᠭᠦᠯᠬᠦ ᠪᠡᠷ ᠳᠠᠬᠢᠨ ᠰᠣᠯᠣᠩᠭᠣᠰ ᠲᠤ ᠣᠴᠢᠭᠰᠠᠨ ᠳᠦ ᠲᠡᠷᠡ ᠪᠡᠷ ᠠᠭᠤᠯᠵᠠᠵᠤ ᠡᠮᠴᠢᠯᠡᠭᠡ ᠪᠡᠨ ᠲᠣᠭᠲᠠᠮᠠᠯ ᠬᠢᠯᠭᠡᠵᠦ᠂ ᠡᠷᠡᠭᠦᠯ ᠰᠠᠷᠠᠭᠤᠯ ᠰᠤᠷᠭᠠᠭᠤᠯᠢ ᠳᠤ ᠪᠠᠨ ᠶᠠᠪᠤᠬᠤ ᠶᠢ ᠬᠦᠰᠡᠭᠰᠡᠨ ᠪᠠᠶᠢᠨ᠎ᠠ᠃
ᠳ ᠂ ᠲᠤᠶᠠᠭ᠎ᠠ