ᠤᠶᠢ ᠶᠢᠨ 《ᠮᠠᠷᠭᠠᠰᠢ ᠶᠢᠨ ᠨᠠᠷᠠ ᠯᠤᠤ ᠬᠠᠮᠲᠤ ᠠᠶᠠᠯᠠᠬᠤ ᠤᠤ》 ᠳᠠᠭᠤᠤ 11 ᠰᠠᠶ᠎ᠠ ᠬᠠᠨᠳᠤᠯᠲᠠ ᠠᠪᠴᠠᠢ | News.MN

ᠤᠶᠢ ᠶᠢᠨ 《ᠮᠠᠷᠭᠠᠰᠢ ᠶᠢᠨ ᠨᠠᠷᠠ ᠯᠤᠤ ᠬᠠᠮᠲᠤ ᠠᠶᠠᠯᠠᠬᠤ ᠤᠤ》 ᠳᠠᠭᠤᠤ 11 ᠰᠠᠶ᠎ᠠ ᠬᠠᠨᠳᠤᠯᠲᠠ ᠠᠪᠴᠠᠢ

ᠬᠣᠶᠠᠷ ᠵᠢᠯ ᠦᠨ ᠡᠮᠦᠨ᠎ᠡ ᠣᠯᠠᠨ ᠤ ᠬᠦᠷᠲᠡᠭᠡᠯ ᠪᠣᠯᠤᠭᠰᠠᠨ ᠳᠠᠭᠤᠴᠢᠨ ᠤᠶᠢ ᠶᠢᠨ 〈ᠮᠠᠷᠭᠠᠰᠢ ᠶᠢᠨ ᠨᠠᠷᠠ ᠯᠤᠤ ᠬᠠᠮᠲᠤ ᠠᠶᠠᠯᠠᠬᠤ ᠤᠤ〉 ᠳᠠᠭᠤᠤ youtube ᠰᠤᠪᠠᠭ ᠲᠤ 11 ᠰᠠᠶ᠎ᠠ ᠬᠠᠨᠳᠤᠯᠲᠠ ᠠᠪᠴᠠᠢ᠃ ᠭᠠᠷᠤᠭᠰᠠᠨ ᠳᠠᠷᠤᠢ ᠳᠤ ᠪᠠᠨ ᠨᠠᠶᠢᠮᠠᠨ ᠨᠠᠰᠤᠲᠠᠢ ᠪᠠᠯᠴᠢᠷ ᠠᠴᠠ ᠨᠠᠶᠠᠨ ᠨᠠᠰᠤᠲᠠᠢ ᠬᠥᠭᠰᠢᠳ ᠢ ᠬᠦᠷᠲᠡᠯ᠎ᠡ ᠪᠠᠶᠢᠯᠳᠤᠨ ᠳᠠᠭᠠᠭᠤᠯᠤᠭᠠᠳ ᠪᠠᠶᠢᠭᠰᠠᠨ ᠲᠤᠰ ᠳᠠᠭᠤᠤ ᠠᠷᠪᠠᠬᠠᠨ ᠬᠣᠨᠣᠭ ᠤᠨ ᠳᠣᠲᠣᠷ᠎ᠠ 2᠂5 ᠰᠠᠶ᠎ᠠ ᠬᠠᠨᠳᠤᠯᠲᠠ ᠶᠢ ᠠᠪᠤᠭᠰᠠᠨ ᠠᠮᠵᠢᠯᠲᠠ ᠦᠵᠡᠭᠦᠯᠦᠭᠰᠡᠨ ᠶᠤᠮ᠃ ᠬᠠᠷᠢᠨ ᠣᠳᠣ ᠲᠤᠰ ᠳᠠᠭᠤᠤ 11 ᠰᠠᠶ᠎ᠠ ᠬᠠᠨᠳᠤᠯᠲᠠ ᠠᠪᠤᠭᠰᠠᠨ ᠢᠶᠠᠷ youtube ᠰᠤᠪᠠᠭ ᠲᠤ ᠳᠠᠬᠢ ᠮᠣᠩᠭᠣᠯ ᠤᠨ ᠬᠠᠮᠤᠭ ᠤᠨ ᠶᠡᠬᠡ ᠬᠠᠨᠳᠤᠯᠲᠠ ᠲᠠᠢ ᠳᠠᠭᠤᠤ ᠪᠠᠷ ᠰᠢᠯᠭᠠᠷᠠᠭᠠᠳ ᠪᠠᠶᠢᠨ᠎ᠠ᠃

ᠮᠥᠨ ᠲᠡᠭᠦᠨ ᠦ 〈Don》t Stop〉 ᠳᠠᠭᠤᠤ 4᠂7 ᠰᠠᠶ᠎ᠠ ᠬᠠᠨᠳᠤᠯᠲᠠ ᠠᠪᠴᠤ ᠠᠽᠢᠶ᠎ᠠ ᠶᠢᠨ ᠰᠢᠯᠢᠳᠡᠭ ᠬᠢᠫ ᠬᠣᠫ ᠳᠠᠭᠤᠤ ᠨᠤᠭᠤᠳ ᠢ ᠪᠠᠭᠲᠠᠭᠠᠭᠰᠠᠨ 〈Urban vibe volume 1〉 ᠴᠣᠮᠣᠭ ᠲᠤ ᠪᠠᠭᠲᠤᠭᠰᠠᠨ ᠪᠥᠭᠡᠳ ᠲᠤᠰ ᠴᠣᠮᠣᠭ ITune ᠍ ᠳᠦᠭᠡᠷ ᠵᠠᠷᠤᠭᠳᠠᠨ ᠪᠠᠭ᠎ᠠ ᠦᠭᠡᠢ ᠠᠰᠢᠭ ᠣᠯᠵᠤ ᠪᠠᠶᠢᠭ᠎ᠠ ᠭᠡᠨ᠎ᠡ᠃

ᠰᠡᠳᠬᠢᠭᠳᠡᠯ ᠦᠯᠡᠳᠡᠭᠡᠬᠦ