ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠭᠠᠳᠠᠭᠠᠳᠤ ᠤᠯᠤᠰ ᠲᠤ ᠠᠵᠢᠯᠯᠠᠵᠤ᠂ ᠠᠮᠢᠳᠤᠷᠠᠵᠤ ᠪᠠᠶᠢᠭ᠎ᠠ ᠢᠷᠭᠡᠳ ᠦᠨ ᠢᠶᠡᠨ ᠨᠡᠶᠢᠭᠡᠮ ᠦᠨ ᠪᠠᠲᠤᠯᠠᠭ᠎ᠠ ᠶᠢ ᠬᠠᠩᠭᠠᠬᠤ ᠵᠣᠷᠢᠯᠭ᠎ᠠ ᠪᠠᠷ 《ᠨᠡᠶᠢᠭᠡᠮ ᠦᠨ ᠬᠠᠮᠠᠭᠠᠯᠠᠯ ᠤᠨ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ ᠬᠡᠯᠡᠯᠴᠡᠭᠡᠷ》 ᠍ ᠶᠢ ᠪᠠᠶᠢᠭᠤᠯᠤᠨ᠂ ᠬᠡᠷᠡᠭᠵᠢᠭᠦᠯᠵᠦ ᠪᠠᠶᠢᠭ᠎ᠠ᠃
ᠡᠭᠦᠨ ᠲᠡᠢ ᠬᠣᠯᠪᠣᠭᠠᠲᠠᠢ ᠪᠠᠷ ᠨᠡᠶᠢᠭᠡᠮ ᠦᠨ ᠬᠠᠮᠠᠭᠠᠯᠠᠯ ᠤᠨ ᠲᠤᠬᠠᠢ ᠮᠣᠩᠭᠣᠯ ᠤᠯᠤᠰ ᠪᠣᠯᠤᠨ ᠪᠦᠭᠦᠳᠡ ᠨᠠᠶᠢᠷᠠᠮᠳᠠᠬᠤ ᠫᠣᠯᠢᠰᠢ ᠤᠯᠤᠰ ᠬᠣᠭᠣᠷᠣᠨᠳᠣ ᠶᠢᠨ ᠬᠡᠯᠡᠯᠴᠡᠭᠡᠷ ᠢ ᠰᠣᠶᠣᠷᠬᠠᠨ ᠪᠠᠲᠤᠯᠠᠬᠤ ᠲᠤᠬᠠᠢ ᠬᠠᠤᠯᠢ ᠶᠢᠨ ᠲᠥᠰᠦᠯ ᠢ ᠥᠨᠥᠳᠥᠷ (2018.08.14) ᠤᠯᠤᠰ ᠤᠨ ᠶᠡᠬᠡ ᠬᠤᠷᠠᠯ ᠤᠨ ᠭᠡᠰᠢᠭᠦᠨ᠂ ᠵᠠᠰᠠᠭ ᠤᠨ ᠭᠠᠵᠠᠷ ᠤᠨ ᠭᠡᠰᠢᠭᠦᠨ᠂ ᠬᠥᠳᠡᠯᠮᠦᠷᠢ᠂ ᠨᠡᠶᠢᠭᠡᠮ ᠦᠨ ᠬᠠᠮᠠᠭᠠᠯᠠᠯ ᠤᠨ ᠰᠠᠶᠢᠳ ᠰ ∙ ᠴᠢᠩᠵᠣᠷᠢᠭ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠮ ∙ ᠡᠩᠬᠡᠪᠣᠯᠤᠳ ᠲᠤ ᠥᠷᠭᠡᠨ ᠮᠡᠳᠡᠭᠦᠯᠪᠡ᠃
ᠣᠳᠣ ᠪᠠᠷ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ᠂ ᠪᠦᠭᠦᠳᠡ ᠨᠠᠶᠢᠷᠠᠮᠳᠠᠬᠤ ᠤᠩᠭᠠᠷᠢ ᠤᠯᠤᠰ ᠲᠠᠢ ᠨᠡᠶᠢᠭᠡᠮ ᠤᠨ ᠬᠠᠮᠠᠭᠠᠯᠠᠯ ᠤᠨ ᠰᠠᠯᠪᠤᠷᠢ ᠳᠤ ᠬᠠᠮᠲᠤᠷᠠᠨ ᠠᠵᠢᠯᠯᠠᠬᠤ ᠬᠡᠯᠡᠯᠴᠡᠭᠡᠷ ᠪᠠᠶᠢᠭᠤᠯᠵᠤ ᠠᠵᠢᠯᠯᠠᠭᠰᠠᠨ ᠤ ᠳᠦᠩ ᠳᠦ ᠣᠷᠣᠰ ᠤᠨ ᠬᠣᠯᠪᠣᠭᠠᠨ ᠤ ᠤᠯᠤᠰ ᠲᠤ ᠠᠵᠢᠯᠯᠠᠭᠰᠠᠨ ᠬᠤᠭᠤᠴᠠᠭ᠎ᠠ ᠪᠠᠨ ᠨᠢᠭᠡᠳᠬᠡᠨ ᠲᠣᠭᠠᠴᠠᠭᠤᠯᠤᠭᠰᠠᠨ 40᠂ ᠪᠦᠭᠦᠳᠡ ᠨᠠᠶᠢᠷᠠᠮᠳᠠᠬᠤ ᠤᠩᠭᠠᠷᠢ ᠤᠯᠤᠰ ᠲᠤ ᠠᠵᠢᠯᠯᠠᠭᠰᠠᠨ ᠬᠤᠭᠤᠴᠠᠭ᠎ᠠ ᠪᠠᠨ ᠨᠢᠭᠡᠳᠬᠡᠨ ᠲᠣᠭᠠᠴᠠᠭᠤᠯᠤᠭᠰᠠᠨ 33 ᠢᠷᠭᠡᠨ ᠰᠠᠷ᠎ᠠ ᠲᠤᠲᠤᠮ ᠥᠨᠳᠥᠷ ᠨᠠᠰᠤᠨ ᠤ ᠲᠡᠳᠬᠦᠪᠦᠷᠢ ᠲᠣᠭᠲᠠᠮᠠᠯ ᠠᠪᠴᠤ᠂ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠲᠤ ᠲᠡᠳᠬᠦᠪᠦᠷᠢ ᠶᠢᠨ ᠳᠠᠭᠠᠳᠬᠠᠯ ᠳᠠᠪᠬᠤᠷ ᠲᠥᠯᠥᠬᠦ ᠦᠭᠡᠢ ᠠᠵᠢᠯᠯᠠᠵᠤ ᠪᠠᠶᠢᠨ᠎ᠠ᠃
ᠭᠠᠳᠠᠭᠠᠳᠤ ᠬᠠᠷᠢᠯᠴᠠᠭᠠᠨ ᠤ ᠶᠠᠮᠤᠨ ᠤ ᠺᠣᠨᠰᠤᠶᠢᠯ ᠤᠨ ᠭᠠᠵᠠᠷ ᠤᠨ /2016 ᠣᠨ ᠤ 11 ᠍ ᠳᠤᠭᠠᠷ ᠰᠠᠷ᠎ᠠ ᠶᠢᠨ/ ᠰᠤᠳᠤᠯᠭ᠎ᠠ ᠪᠠᠷ ᠪᠦᠭᠦᠳᠡ ᠨᠠᠶᠢᠷᠠᠮᠳᠠᠬᠤ ᠫᠣᠯᠢᠰᠢ ᠤᠯᠤᠰ ᠲᠤ ᠪᠠᠶᠢᠭ᠎ᠠ ᠨᠡᠶᠢᠲᠡ 939 ᠮᠣᠩᠭᠣᠯ ᠢᠷᠭᠡᠨ ᠡᠴᠡ ᠳᠡᠶᠢᠯᠦᠩᠬᠢ ᠨᠢ ᠸᠠᠷᠰᠢᠪ᠂ ᠺᠷᠠᠺᠣᠸ᠂ ᠯᠣᠳᠠ᠂ ᠸᠷᠣᠴᠠᠯᠪᠠ᠂ ᠭᠲᠠᠨᠢᠰᠺ᠂ ᠫᠣᠵᠠᠨᠠᠨᠢ ᠵᠡᠷᠭᠡ ᠬᠣᠲᠠᠳ ᠠᠮᠢᠳᠤᠷᠠᠵᠤ᠂ ᠠᠵᠢᠯᠯᠠᠵᠤ ᠪᠠᠶᠢᠭ᠎ᠠ ᠪᠥᠭᠡᠳ ᠡᠭᠦᠨ ᠡᠴᠡ 200 ᠢᠷᠭᠡᠨ ᠠᠯᠪᠠᠨ ᠶᠣᠰᠣᠭᠠᠷ ᠠᠵᠢᠯ ᠬᠥᠳᠡᠯᠮᠦᠷᠢ ᠡᠷᠬᠢᠯᠡᠵᠦ᠂ 149 ᠢᠷᠭᠡᠨ ᠰᠤᠷᠤᠯᠴᠠᠵᠤ ᠪᠠᠶᠢᠭ᠎ᠠ ᠠᠵᠢ᠃
ᠥᠨᠥᠳᠥᠷ ᠦᠨ ᠪᠠᠶᠢᠳᠠᠯ ᠢᠶᠠᠷ ᠮᠠᠨ ᠤ ᠢᠷᠭᠡᠳ ᠪᠦᠭᠦᠳᠡ ᠨᠠᠶᠢᠷᠠᠮᠳᠠᠬᠤ ᠫᠣᠯᠢᠰᠢ ᠤᠯᠤᠰ ᠲᠤ ᠣᠷᠣᠰᠢᠨ ᠰᠠᠭᠤᠬᠤ ᠬᠤᠭᠤᠴᠠᠭᠠᠨ ᠳᠤ ᠪᠠᠨ ᠪᠣᠭᠣᠨᠢ ᠬᠤᠭᠤᠴᠠᠭᠠᠨ ᠤ ᠳᠠᠭᠠᠳᠬᠠᠯ ᠳᠤ ᠬᠠᠮᠤᠷᠤᠭᠳᠠᠨ ᠡᠷᠡᠭᠦᠯ ᠮᠡᠨᠳᠦ᠂ ᠬᠥᠳᠡᠯᠮᠦᠷᠢ ᠡᠷᠬᠡᠯᠡᠯᠲᠡ ᠲᠡᠢ ᠬᠣᠯᠪᠣᠭ᠎ᠠ ᠲᠠᠢ ᠲᠡᠳᠬᠦᠮᠵᠢ ᠨᠦᠭᠦᠳ ᠢ ᠲᠤᠰ ᠤᠯᠤᠰ ᠤᠨ ᠬᠠᠤᠯᠢ ᠶᠢᠨ ᠳᠠᠭᠠᠤ ᠠᠪᠴᠤ ᠪᠠᠶᠢᠨ᠎ᠠ᠃ ᠬᠠᠷᠢᠨ ᠤᠷᠲᠤ ᠬᠤᠭᠤᠴᠠᠭᠠᠨ ᠤ ᠳᠠᠭᠠᠳᠬᠠᠯ ᠪᠤᠶᠤ ᠲᠡᠳᠬᠦᠪᠦᠷᠢ ᠶᠢᠨ ᠳᠠᠭᠠᠳᠬᠠᠯ ᠳᠤ ᠬᠠᠮᠤᠷᠤᠭᠳᠠᠨ ᠲᠥᠯᠦᠭᠰᠡᠨ ᠰᠢᠮᠡᠳᠬᠡᠯᠡ ᠨᠤᠲᠤᠭ ᠪᠤᠴᠠᠬᠤ ᠦᠶᠡᠳᠡᠭᠡ ᠪᠤᠴᠠᠭᠠᠨ ᠠᠪᠬᠤ ᠡᠰᠡᠬᠦᠯ᠎ᠡ ᠲᠡᠳᠬᠦᠪᠦᠷᠢ ᠶᠢᠨ ᠨᠠᠰᠤᠨ ᠳᠤ ᠬᠦᠷᠦᠭᠰᠡᠨ ᠬᠣᠶᠢᠨᠠ ᠪᠠᠨ ᠲᠥᠯᠦᠭᠰᠡᠨ ᠰᠢᠮᠡᠳᠬᠡᠯ ᠳᠦ ᠪᠡᠨ ᠨᠣᠭᠳᠠᠬᠤ ᠲᠡᠳᠬᠦᠪᠦᠷᠢ ᠲᠣᠭᠲᠠᠭᠠᠯᠭᠠᠬᠤ ᠬᠠᠤᠯᠢ ᠡᠷᠬᠡ ᠵᠦᠢ ᠶᠢᠨ ᠦᠨᠳᠦᠰᠦ ᠪᠠᠶᠢᠬᠤ ᠦᠭᠡᠢ ᠪᠠᠶᠢᠨ᠎ᠠ᠃