ᠳ∙ᠪᠢᠮᠪᠠᠳᠣᠷᠵᠢ ᠶᠢᠨ ᠵᠣᠳᠣᠭ ᠲᠠᠶᠢᠯᠬᠤ ᠶᠣᠰᠣᠯᠠᠯ 30 ᠍ ᠳᠦ ᠪᠣᠯᠤᠨ᠎ᠠ | News.MN

ᠳ∙ᠪᠢᠮᠪᠠᠳᠣᠷᠵᠢ ᠶᠢᠨ ᠵᠣᠳᠣᠭ ᠲᠠᠶᠢᠯᠬᠤ ᠶᠣᠰᠣᠯᠠᠯ 30 ᠍ ᠳᠦ ᠪᠣᠯᠤᠨ᠎ᠠ

ᠶᠠᠫᠣᠨ ᠤ ᠮᠡᠷᠭᠡᠵᠢᠯ ᠦᠨ ᠰᠦᠮᠣ᠋ ᠪᠥᠬᠡ ᠶᠢᠨ 70  ᠳ᠋ᠡᠬᠢ ᠶᠡᠬᠡ ᠠᠪᠤᠷᠭᠤ ᠬᠠᠷᠤᠮᠠᠹᠦ᠋ᠵᠢ ᠳ∙ ᠪᠢᠮᠪᠠᠳᠣᠷᠵᠢ ᠶᠢᠨ ᠵᠣᠳᠣᠭ ᠲᠠᠶᠢᠯᠬᠤ ᠶᠣᠰᠣᠯᠠᠯ ᠡᠨᠡ ᠰᠠᠷ᠎ᠠ ᠶᠢᠨ 30 ᠍ ᠳᠦ ᠲᠣᠪᠯᠠᠭᠳᠠᠵᠠᠢ᠃ ᠲᠡᠷᠡᠪᠡᠷ ᠨᠤᠲᠤᠭ ᠨᠢᠭᠡᠲᠦ ᠰᠦᠮᠦᠴᠢ ᠲᠠᠢ ᠪᠠᠨ ᠭᠠᠷ ᠵᠥᠷᠢᠭᠦᠯᠦᠭᠰᠡᠨ ᠭᠡᠬᠦ ᠠᠰᠠᠭᠤᠳᠠᠯ ᠠᠴᠠ  ᠡᠭᠦᠳᠦᠨ ᠵᠣᠳᠣᠭ ᠲᠠᠶᠢᠯᠬᠤ ᠪᠠᠨ ᠮᠡᠳᠡᠭᠳᠡᠭᠰᠡᠨ᠃ ᠬᠠᠷᠤᠮᠠᠹᠦ᠋ᠵᠢ ᠳ ∙ ᠪᠢᠮᠪᠠᠳᠣᠷᠵᠢ 28 ᠨᠠᠰᠤᠨ ᠳᠤ ᠪᠠᠨ ᠶᠠᠫᠣᠨ ᠤ ᠮᠡᠷᠭᠡᠵᠢᠯ ᠦᠨ ᠰᠦᠮᠣ᠋ ᠪᠥᠬᠡ ᠶᠢᠨ ᠮᠠᠺᠦᠴᠢ ᠪᠤᠶᠤ ᠳᠡᠭᠡᠳᠦ ᠵᠢᠨᠳᠠᠭᠠᠨ ᠤ 2012 ᠣᠨ ᠤ ᠳᠣᠯᠣᠭ᠎ᠠ᠂ ᠶᠢᠰᠦᠳᠦᠭᠡᠷ ᠰᠠᠷ᠎ᠠ ᠳᠤ ᠳᠠᠷᠠᠭᠠᠯᠠᠨ  ᠲᠦᠷᠦᠭᠦᠯᠡᠭᠰᠡᠨ ᠢᠶᠡᠷ 70  ᠳ᠋ᠡᠬᠢ ᠶᠡᠬᠡ ᠠᠪᠤᠷᠭᠤ ᠴᠣᠯᠠ ᠬᠦᠷᠲᠡᠭᠰᠡᠨ ᠪᠢᠯᠡ᠃
ᠲᠡᠷᠡᠪᠡᠷ ᠭᠠᠳᠠᠭᠠᠳᠤ ᠶᠢᠨ ᠲᠠᠪᠤᠳᠠᠬᠢ ᠂ ᠮᠣᠩᠭᠣᠯ ᠤᠨ ᠭᠤᠷᠪᠠᠳᠠᠬᠢ ᠶᠡᠬᠡ ᠠᠪᠤᠷᠭᠤ ︵ᠶᠣᠺᠣᠽᠦᠨᠠ︶ ᠴᠣᠯᠠᠲᠠᠨ  ᠶᠤᠮ᠃ ᠮᠥᠨ 2016 ᠣᠨ ᠤ ᠰᠢᠯᠢᠳᠡᠭ ᠰᠦᠮᠦᠴᠢ ᠪᠣᠯᠵᠤ᠂ ᠶᠠᠫᠣᠨ ᠤ ᠰᠫᠣᠷᠲ ᠤᠨ ᠡᠳᠦᠷ ᠲᠤᠲᠤᠮ ᠤᠨ ᠬᠡᠪᠯᠡᠯ ᠪᠣᠯᠬᠤ ︽ᠬᠣᠶᠢᠴᠢ ᠰᠢᠮᠪᠦ᠋︾ ᠰᠣᠨᠢᠨ ᠤ ᠬᠢᠨ ᠲᠡᠭᠦᠨ ᠢ 2016 ᠣᠨ ᠳᠤ ᠪᠣᠯᠤᠭᠰᠠᠨ ᠪᠦᠬᠦ ᠪᠠᠰᠶᠤ᠋ ᠳᠤ ᠲᠣᠭᠲᠠᠮᠠᠯ ᠥᠨᠳᠥᠷ ᠠᠮᠵᠢᠯᠲᠠ ᠦᠵᠡᠭᠦᠯᠦᠭᠰᠡᠨ ᠬᠡᠮᠡᠨ ᠦᠨᠡᠯᠡᠵᠦ᠂ ᠡᠨᠡᠬᠦ ᠱᠠᠩᠨᠠᠯ ᠢ ᠬᠦᠷᠲᠡᠭᠡᠵᠦ ᠪᠠᠶᠢᠪᠠ᠃
ᠮ ᠂ ᠠᠮᠤᠷᠵᠢᠷᠭᠠᠯ

ᠰᠡᠳᠬᠢᠭᠳᠡᠯ ᠦᠯᠡᠳᠡᠭᠡᠬᠦ